ᠲᠡᠷᠭᠡᠲᠦ ᠂ ᠴᠤᠶᠢᠨᠤᠮ
ᠴᠤᠯᠤ ᠮᠠᠯᠵᠢᠬᠤ ᠤᠷᠤᠨ ᠳ᠋ᠥ ᠮᠠᠯ ᠬᠠᠰᠢᠶᠠᠯᠠᠬᠤ ᠳᠦᠷᠦ ᠶᠢᠨ
ᠪᠤᠳᠤᠯᠢᠭ᠎ᠠ ᠶᠢ ᠦᠭᠡᠶᠢᠰᠭᠡᠪᠡᠯ ᠵᠤᠬᠢᠮᠤᠢ
ᠪᠢ ᠪᠤᠯ ᠮᠠᠯᠴᠢᠨ ᠤ ᠬᠡᠦᠬᠡᠳ ᠃ ᠬᠡᠷᠡᠪᠡ ᠲᠠᠨᠠᠷ ᠮᠠᠯᠴᠢᠨ ᠤ ᠬᠡᠦᠬᠡᠳ ᠪᠤᠯᠤᠭᠰᠠᠨ ᠪᠤᠯ ᠡᠨᠡ ᠰᠡᠳᠦᠪ ᠢ ᠶᠠᠷᠢᠵᠤ ᠂ ᠪᠠᠰᠠ ᠳᠡᠭᠡᠭᠡᠰᠢ ᠪᠡᠨ ᠰᠠᠨᠠᠯ ᠳᠡᠪᠰᠢᠭᠦᠯᠵᠦ ᠪᠤᠯᠤᠨ᠎ᠡ ᠰᠢᠪᠲᠠ ᠂
ᠤᠨᠴᠤᠭᠤᠶᠢᠯᠡᠨ ᠮᠠᠯᠴᠢᠨ ᠠᠷᠠᠳ ᠤᠨ ᠳᠦᠯᠦᠭᠡᠯᠡᠭᠴᠢ ᠪᠤᠯ ᠳᠠᠷᠬᠠᠨ ᠬᠠᠷᠢᠭᠤᠴᠠᠯᠭ᠎ᠠ ᠲᠠᠢ ᠬᠦᠮᠦᠰ ᠂ ᠬᠡᠯᠡᠳᠡᠭ ᠬᠦᠮᠦᠰ ᠃ ᠠᠷᠠᠳ ᠤᠨ ᠰᠠᠨᠠᠯ ᠢ ᠨᠢ ᠳᠡᠪᠰᠢᠭᠦᠯᠵᠦ ᠦᠭᠳᠡᠭ ᠬᠦᠮᠦᠰ᠃
ᠮᠠᠯ ᠪᠤᠯ ᠮᠠᠯᠴᠢᠨ ᠠᠷᠠᠳ ᠤᠨ ᠠᠮᠢᠳᠤᠷᠠᠯ ᠤᠨ ᠬᠢᠨᠢ ᠭᠤᠤᠯ ᠲᠤᠯᠭᠠᠭᠤᠷᠢ ᠃ ᠮᠠᠯ ᠠᠵᠤ ᠠᠬᠤᠢ ᠨᠡᠶᠢᠭᠡᠮ ᠳ᠋ᠥ ᠲᠠᠷᠢᠶᠠᠯᠠᠠᠭ᠌ ᠠᠵᠤ ᠦᠢᠯᠡᠳᠪᠦᠷᠢᠯᠡᠯ ᠂ ᠵᠢᠭᠠᠰᠤᠨ ᠠᠵᠤ ᠠᠬᠤᠢ ᠯᠤᠭ᠎ᠠ
ᠨᠢᠭᠡ ᠯᠡ ᠠᠳᠠᠯᠢ ᠨᠢᠭᠡᠨ ᠬᠡᠯᠪᠡᠷᠢ ᠶᠢᠨ ᠠᠵᠤ ᠠᠬᠤᠢ ᠮᠦᠨ ᠃ ᠮᠠᠯᠴᠢᠨ ᠬᠦᠮᠦᠨ ᠦ ᠮᠠᠯ ᠢ ᠨᠢ ᠬᠠᠰᠢᠶᠠᠯᠠᠵᠤ ᠂ ᠮᠠᠯ ᠤᠨ ᠲᠣᠭ᠎ᠠ ᠲᠤᠯᠤᠭᠠᠢ ᠶᠢ ᠨᠢ ᠬᠢᠵᠠᠭᠠᠷᠯᠠᠵᠤ ᠪᠠᠶᠢᠭ᠎ᠠ ᠶᠠᠪᠤᠳᠠᠯ ᠪᠤᠯ
ᠲᠠᠷᠢᠶᠠᠴᠢᠨ ᠠᠷᠠᠳ ᠤᠨ ᠲᠠᠷᠢᠶᠠᠨ ᠭᠠᠵᠠᠷ ᠂ ᠠᠨᠵᠢᠰᠤ ᠬᠠᠳᠤᠭᠤᠷ ᠢ ᠬᠠᠰᠤᠵᠤ ᠂ ᠵᠢᠭᠠᠰᠤᠴᠢᠨ ᠢᠷᠭᠡᠨ ᠦ ᠤᠠᠭ᠍ᠭᠤᠴᠠ ᠰᠠᠯ ᠂ ᠳᠠᠯᠠᠢ ᠶᠢᠨ ᠤᠷᠤᠨ ᠡᠴᠡ ᠨᠢ ᠬᠡᠰᠡᠭᠡᠯᠡᠵᠦ ᠠᠪᠤᠭᠰᠠᠨ ᠲᠠᠢ ᠶᠠᠮᠠᠷ
ᠢᠯᠭᠠᠭ᠎ᠠ ᠪᠠᠶᠢᠨ᠎ᠠ ᠪᠤᠢ ︖
ᠮᠠᠯᠴᠢᠨ ᠮᠤᠠᠭ᠍ᠭᠤᠯ ᠮᠠᠯ ᠠᠴᠠ ᠪᠡᠨ ᠰᠠᠯᠪᠠᠯ ᠴᠢᠮᠦᠭᠡ ᠪᠤᠯᠵᠤ ᠪᠠᠶᠢᠭ᠎ᠠ ᠰᠤᠶᠤᠯ ᠢᠶᠠᠨ ᠠᠯᠳᠠᠨ᠎ᠠ ᠃ ᠮᠠᠯ ᠠᠴᠠ ᠪᠡᠨᠰᠠᠯᠪᠠᠯ ᠨᠤᠲᠤᠭ ᠢᠶᠠᠨ ᠠᠯᠳᠠᠨ᠎ᠠ ᠂ ᠨᠤᠲᠤᠭ ᠤᠰᠤᠨ ᠠᠴᠠ ᠪᠡᠨ ᠰᠠᠯᠪᠠᠯ ᠬᠤᠲᠠ ᠤᠷᠤᠵᠤ ᠭᠢᠯᠡᠶᠢᠨᠡ ᠂ ᠬᠤᠲᠡ ᠤᠷᠤᠵᠤ ᠭᠢᠯᠡᠶᠢᠭ᠌ᠰᠠᠭᠠᠷ ᠬᠤᠶᠢᠴᠢ ᠦᠶ᠎ᠡ ᠨᠢ ᠤᠷᠤᠬᠤ ᠭᠡᠷ ᠤᠭᠤᠴᠢᠬᠤ ᠠᠶᠠᠭ᠎ᠠ ᠂ᠦᠭᠡᠢ ᠪᠤᠯᠤᠨ᠎ᠠ ᠃
ᠬᠤᠶᠢᠴᠢ ᠦᠶ᠎ᠡ ᠴᠢᠨᠢ ᠪᠡᠷᠬᠡᠲᠡᠭᠡᠳ ᠢᠷᠡᠬᠦ ᠴᠠᠭ ᠲᠣ ᠰᠠᠶ᠋ᠢ ᠳᠡᠭᠡᠳᠦᠰ ᠦᠨ ᠢᠶᠡᠨ ︽ ᠨᠤᠲᠤᠭ ᠠᠯᠳᠠᠪᠠᠯ ᠬᠤᠲᠤᠭ ᠠᠯᠳᠠᠨ᠎ᠠ ︾ ᠭᠡᠰᠡᠨ ᠮᠡᠷᠭᠡᠨ ᠰᠤᠷᠭᠠᠯ ᠢ ᠤᠶᠢᠯᠭᠠᠬᠤ
ᠪᠤᠯᠤᠮᠤᠢ ︕
ᠮᠠᠯ ᠬᠠᠰᠢᠶᠠᠯᠠᠬᠤ ᠳᠦᠷᠦ ᠶᠢᠨ ᠪᠤᠳᠤᠯᠢᠭ᠎ᠠ ᠪᠤᠯ ᠮᠠᠰᠢ ᠬᠠᠷᠭᠢᠰ ᠪᠤᠳᠤᠯᠢᠭ᠎ᠠ ᠮᠦᠨ ᠃ ᠮᠠᠯ ᠠᠴᠠ ᠴᠢᠨᠢ ᠂ ᠰᠤᠶᠤᠯ ᠠᠴᠠ ᠴᠢᠨᠢ ᠂ ᠨᠤᠲᠤᠭ ᠠᠴᠠ ᠴᠢᠨᠢ ᠰᠠᠯᠭᠠᠬᠤ ᠨᠢᠭᠡᠨ ᠶᠤᠰᠤᠨ ᠤ
ᠮᠡᠷᠭᠡᠨ ᠳᠦᠷᠦ ᠶᠢᠨ ᠪᠤᠳᠤᠯᠢᠭ᠎ᠠ ᠮᠦᠨ ᠃
ᠶᠠᠫᠤᠨ ᠡᠵᠡᠷᠬᠡᠭ ᠲᠦᠷᠢᠮᠡᠬᠡᠶᠢᠲᠡᠨ ᠤᠷᠤᠵᠤ ᠢᠷᠡᠭᠡᠳ ᠮᠠᠯᠴᠢᠳ ᠲᠤ ᠪᠠᠰᠠ ᠡᠶᠢᠮᠦ ᠬᠠᠷᠭᠢᠰ ᠪᠤᠳᠤᠯᠢᠭ᠎ᠠ ᠬᠡᠷᠡᠭᠯᠡᠭᠰᠡᠨ ᠦᠭᠡᠢ ᠰᠢᠤ ︕
ᠲᠡᠦᠬᠡ ᠪᠡᠨ ᠡᠷᠭᠢᠴᠡᠭᠦᠯᠵᠦ ᠦᠵᠡ ︕
2015.5.4