-
85714
ᠭᠡᠰᠡᠷ ᠤᠨ ᠲᠤᠭᠤᠵᠢ 1.14
2016-08-26 19:05
567
0
ᠭᠡᠰᠡᠷ ᠤᠨ ᠲᠤᠭᠤᠵᠢ 1.14
ᠴᠠᠰᠤ ᠵᠤᠷ ᠢ ᠡᠷᠭᠢᠵᠦ ᠣᠴᠢᠪᠠ
ᠵᠤᠷ ᠬᠡᠯᠲᠡᠭᠡᠢ ᠬᠠᠷ᠎ᠠ ᠴᠠᠴᠢᠷ ᠤᠨ ᠢᠶᠠᠨ ᠭᠠᠳᠠᠨ᠎ᠠ ᠳᠣᠯᠣᠭᠠᠨ ᠠᠯᠪᠢᠨ ᠤ ᠬᠤᠯᠠ ᠮᠣᠷᠢ᠂ ᠭᠤᠷᠪᠠᠨ ᠵᠠᠭᠤᠨ ᠬᠠᠷ᠎ᠠ ᠤᠯᠤᠰ ᠤᠨ ᠬᠤᠯᠠ ᠮᠣᠷᠢ᠂ ᠲᠡᠷᠡ ᠣᠯᠠᠨ ᠠᠭᠲᠠ ᠪᠠᠨ ᠭᠠᠳᠠᠨ᠎ᠠ ᠪᠠᠨ ᠵᠣᠭᠰᠣᠭᠠᠵᠤ ᠪᠠᠶᠢᠪᠠ᠃
ᠴᠠᠰᠤ ᠰᠢᠬᠢᠷ ᠠᠬ᠎ᠠ ᠨᠢ ᠤᠬᠢᠯᠠᠪᠠ᠄ «ᠨᠢᠰᠤᠬᠠᠢ ᠵᠤᠷ ᠢ ᠮᠢᠨᠢ ᠴᠠᠲᠠᠨ ᠨᠣᠶᠠᠨ ᠨᠦᠳ ᠮᠠᠭᠤᠯᠠᠵᠤ ᠳᠣᠯᠣᠭᠠᠨ ᠠᠯᠪᠢᠨ ᠳᠤ ᠪᠠᠷᠢᠵᠤ ᠢᠳᠡᠳᠦᠭᠡᠢ ᠭᠡᠵᠦ ᠢᠯᠡᠭᠡᠯ᠎ᠡ᠃ ᠳᠣᠯᠣᠭᠠᠨ ᠠᠯᠪᠢᠨ ᠪᠠᠷᠢᠵᠤ ᠢᠳᠡᠪᠡ ᠦᠦ ? ᠢᠳᠡᠭᠰᠡᠨ ᠪᠣᠯ ᠳᠣᠯᠣᠭᠠᠨ ᠠᠯᠪᠢᠨ ᠲᠠᠢ ᠲᠡᠮᠡᠴᠡᠵᠦ ᠦᠬᠦᠶ᠎ᠡ ᠪᠢ᠃ ᠠᠮᠢᠳᠤ ᠪᠣᠯᠪᠠᠯ ᠳᠡᠭᠦᠦ ᠳ᠋ᠦ ᠵᠣᠯᠭᠠᠶ᠎ᠠ ᠪᠢ» ᠭᠡᠵᠦ ᠵᠢᠭᠦᠷᠳᠦ ᠪᠣᠷᠣ ᠮᠣᠷᠢ ᠪᠠᠨ ᠤᠨᠤᠪᠠ᠃ ᠴᠠᠪᠳᠠᠲᠦ (ᠢᠯᠲᠠᠰᠤᠨ?) ᠬᠤᠶᠠᠭ ᠢᠶᠠᠨ ᠡᠮᠦᠰᠪᠡ᠃ ᠳᠠᠭᠤᠷᠢᠰᠬᠤᠢ ᠨᠡᠷᠡᠲᠦ ᠳᠠᠭᠤᠯᠠᠭᠠ ᠪᠠᠨ ᠡᠷᠳᠡᠨᠢᠲᠦ ᠲᠦᠷᠦᠭᠦᠨ ᠳᠦ ᠪᠡᠨ ᠡᠮᠦᠰᠪᠡ᠃ ᠭᠤᠴᠢᠨ ᠴᠠᠭᠠᠨ ᠰᠤᠮᠤ ᠪᠠᠨ ᠳᠦᠷᠡᠪᠡ᠃ ᠳᠣᠭᠰᠢᠨ ᠬᠠᠷ᠎ᠠ ᠨᠤᠮᠤ ᠪᠠᠨ ᠪᠠᠷᠢᠪᠠ᠃ ᠬᠦᠷᠮᠡᠨ ᠨᠡᠷᠡᠲᠦ ᠴᠣᠳ (ᠴᠠᠰᠤ?) ᠪᠣᠯᠣᠳ ᠢᠯᠳᠦ ᠪᠡᠨ ᠵᠡᠭᠦᠪᠡ᠃ ᠪᠣᠯᠵᠣᠮᠣᠷ ᠤᠨ ᠬᠣᠭᠣᠯᠠᠢ ᠶᠢ ᠦᠭᠰᠦᠵᠦ ᠶᠠᠪᠤᠪᠠ᠃
ᠪᠣᠯᠵᠣᠮᠣᠷ ᠤᠨ ᠬᠣᠭᠣᠯᠠᠢ ᠶᠢᠨ ᠡᠬᠢᠨ ᠳᠦ ᠣᠯᠠᠨ ᠠᠭᠲᠠ ᠪᠠᠶᠢᠬᠤ ᠶᠢ ᠦᠵᠡᠪᠡ᠃ «ᠳᠣᠯᠣᠭᠠᠨ ᠠᠯᠪᠢᠨ ᠨᠢᠰᠤᠬᠠᠢ ᠵᠤᠷ ᠢ ᠮᠢᠨᠢ ᠪᠠᠷᠢᠵᠤ ᠢᠳᠡᠵᠦ ᠪᠠᠶᠢᠨ᠎ᠠ» ᠭᠡᠵᠦ ᠴᠠᠰᠤ ᠰᠢᠬᠢᠷ ᠬᠤᠷᠮᠡᠢ ᠨᠡᠷᠡᠲᠦ ᠴᠤᠯᠤ ᠪᠣᠯᠣᠳ ᠢᠯᠳᠦ ᠪᠡᠨ ᠤᠷᠤᠭᠰᠢ ᠪᠣᠯᠭᠠᠵᠤ᠂ ᠵᠢᠭᠦᠷᠳᠦ ᠪᠣᠷᠣ ᠮᠣᠷᠢ ᠪᠠᠨ ᠲᠠᠰ ᠭᠤᠶᠠᠳᠠᠵᠤ ᠢᠷᠡᠪᠡ᠃ ᠣᠯᠠᠨ ᠠᠭᠲᠠ ᠶᠢᠨ ᠳᠣᠲᠣᠷ᠎ᠠ ᠬᠡᠯᠲᠡᠭᠡᠢ ᠬᠠᠷ᠎ᠠ ᠴᠠᠴᠢᠷ ᠪᠠᠶᠢᠬᠤ ᠶᠢ ᠦᠵᠡᠪᠡ᠃ ᠵᠢᠭᠦᠷᠳᠦ ᠪᠣᠷᠣ ᠮᠣᠷᠢ ᠪᠠᠨ ᠨᠢᠭᠤᠵᠤ ᠤᠶᠠᠪᠠ᠃ ᠬᠦᠷᠮᠡᠢ ᠨᠡᠷᠡᠲᠦ ᠴᠤᠯᠤ ᠪᠣᠯᠣᠳ ᠢᠯᠳᠦ ᠪᠡᠨ ᠰᠤᠭᠤ ᠲᠠᠲᠠᠪᠠ᠃ ᠰᠡᠮᠬᠡᠨ ᠢᠶᠡᠷ ᠴᠦᠮ ᠴᠦᠮ ᠭᠡᠵᠦ ᠭᠦᠶᠦᠵᠦ ᠢᠷᠡᠵᠦ ᠱᠠᠭᠠᠶᠢᠵᠤ ᠦᠵᠡᠪᠡ ᠃ ᠦᠵᠡᠲᠡᠯ᠎ᠡ ᠨᠢᠰᠤᠬᠠᠢ ᠵᠤᠷ ᠭᠡᠷ ᠲᠦ ᠪᠡᠨ ᠬᠦᠯᠠᠦᠷᠴᠦ ᠳᠡᠪᠡᠯ ᠢᠶᠡᠨ ᠲᠠᠶᠢᠯᠵᠤ ᠰᠠᠭᠤᠨ᠎ᠠ᠃ ᠴᠠᠰᠤ ᠰᠢᠬᠢᠷ ᠰᠡᠯᠡᠮ᠎ᠡ ᠪᠡᠨ ᠳᠦᠷᠡᠪᠡ᠃ ᠭᠤᠶᠤᠵᠤ ᠤᠷᠤᠪᠠ᠃ «ᠡᠪᠡᠢ! ᠴᠠᠰᠤ ᠮᠢᠨᠢ» ᠭᠡᠵᠦ ᠪᠣᠰᠤᠨ ᠭᠦᠭᠡᠷᠦᠨ ᠲᠡᠪᠡᠷᠢᠯᠴᠡᠨ ᠤᠬᠢᠯᠠᠯᠳᠤᠪᠠ᠃ ᠭᠡᠰᠡᠷ᠂ ᠴᠠᠰᠤ ᠬᠣᠶᠠᠭᠤᠯᠠ ᠶᠢ ᠤᠬᠢᠯᠠᠵᠤ ᠪᠠᠶᠢᠬᠤ ᠳᠤ ᠠᠯᠲᠠᠨ ᠳᠡᠯᠡᠬᠡᠢ ᠪᠦᠭᠦᠳᠡ ᠳᠣᠭᠳᠣᠯᠤᠨ ᠬᠦᠳᠡᠯᠪᠡ᠃ «ᠴᠠᠰᠤ ᠮᠢᠨᠢ ᠨᠠᠮᠠᠢ ᠦᠬᠦᠭᠰᠡᠨ ᠪᠠᠶᠢᠪᠠᠯ ᠳᠣᠯᠣᠭᠠᠨ ᠠᠯᠪᠢᠨ ᠲᠠᠢ ᠠᠯᠠᠯᠳᠤᠶᠠ ᠭᠡᠵᠦ ᠢᠷᠡᠭᠰᠡᠨ ᠴᠢᠨᠢ ᠡᠨᠡ ᠪᠠᠶᠢᠨ᠎ᠠ᠃ ᠠᠮᠢᠳᠤ ᠪᠣᠯᠪᠠᠯ ᠨᠠᠳᠠ ᠵᠣᠯᠭᠠᠶ᠎ᠠ ᠭᠡᠵᠦ ᠢᠷᠡᠭᠰᠡᠨ ᠴᠢᠨᠢ ᠡᠨᠡ ᠪᠠᠶᠢᠨ᠎ᠠ᠃ ᠪᠠᠭᠠᠲᠤᠷ ᠤᠨ ᠴᠢᠨᠢ ᠪᠡᠯᠭᠡ (ᠰᠢᠨᠵᠢ) ᠡᠨᠡ ᠪᠠᠶᠢᠨ᠎ᠠ᠃ ᠠᠪᠠᠢ ᠮᠢᠨᠢ! ᠳᠠᠭᠤᠤ» ᠭᠡᠵᠦ ᠠᠯᠲᠠᠨ ᠳᠡᠯᠡᠬᠡᠢ ᠶᠢ ᠰᠠᠩ ᠲᠠᠯᠪᠢᠵᠤ ᠨᠣᠮᠣᠬᠠᠳᠬᠠᠪᠠ᠃
«ᠠᠪᠠᠢ ᠮᠢᠨᠢ! ᠪᠢ ᠴᠢᠨᠢ ᠨᠢᠰᠤᠬᠠᠢ ᠵᠤᠷ ᠪᠢᠰᠢ ᠪᠤᠢ᠃ ᠠᠷᠪᠠᠨ ᠵᠦᠭ ᠋ᠤᠨ ᠡᠵᠡᠨ ᠠᠴᠢᠲᠤ ᠭᠡᠰᠡᠷ ᠮᠡᠷᠭᠡᠨ ᠬᠠᠭᠠᠨ ᠪᠢ ᠮᠦᠨ ᠃ ᠡᠭᠦᠨ ᠢ ᠮᠢᠨᠢ ᠬᠦᠮᠦᠨ ᠋ᠳᠦ ᠪᠦᠦ ᠬᠡᠯᠡ ᠠᠪᠠᠢ ᠮᠢᠨᠢ! ᠠᠷᠪᠠᠨ ᠲᠠᠪᠤᠨ ᠨᠠᠰᠤᠨ ᠳᠤ ᠪᠠᠨ ᠬᠦᠷᠡᠲᠡᠯᠡ ᠬᠠᠮᠤᠭ ᠳᠣᠭᠰᠢᠳ ᠢ ᠵᠤᠷ ᠪᠡᠶ᠎ᠡ ᠪᠡᠷ ᠶᠠᠪᠤᠵᠤ ᠨᠣᠮᠣᠬᠠᠳᠬᠠᠬᠤ ᠪᠣᠯᠤᠨ᠎ᠠ ᠪᠢ᠃ ᠲᠡᠷᠡ ᠳᠡᠭᠡᠷ᠎ᠡ ᠭᠡᠰᠡᠷ ᠪᠡᠶ᠎ᠡ ᠪᠡᠨ ᠦᠵᠡᠭᠦᠯᠵᠦ ᠲᠠᠨ ᠢ ᠪᠠᠨ ᠳᠠᠭᠠᠭᠤᠯᠬᠤ ᠪᠤᠢ ᠪᠢ» ᠭᠡᠪᠡ᠃ ᠴᠠᠰᠤ ᠰᠢᠬᠢᠷ ᠢᠨᠢᠶᠡᠪᠡ᠃ ᠵᠤᠷ ᠬᠡᠯᠡᠪᠡ᠄ «ᠴᠢ ᠤᠷᠢᠳᠤ ᠬᠠᠷᠢ᠃ ᠪᠢ ᠬᠣᠶᠢᠨᠠ ᠠᠴᠠ ᠴᠢᠨᠢ ᠣᠴᠢᠶ᠎ᠠ ᠡᠨᠡ ᠭᠤᠷᠪᠠᠨ ᠵᠠᠭᠤᠨ ᠠᠭᠲᠠ ᠶᠢ ᠮᠢᠨᠢ ᠲᠡᠷᠡ ᠮᠠᠭᠤ ᠡᠴᠢᠭᠡ ᠳᠦ ᠮᠢᠨᠢ ᠠᠪᠠᠴᠢᠵᠤ ᠦᠭ᠃ ᠡᠨᠡ ᠳᠣᠯᠣᠭᠠᠨ ᠮᠣᠷᠢ ᠶᠢ ᠴᠢ ᠠᠪ᠃ ᠠᠪᠠᠢ ᠮᠢᠨᠢ᠂ ᠪᠢ ᠴᠢᠨᠢ ᠦᠬᠦᠬᠦ ᠪᠡᠨ ᠦᠭᠡᠢ ᠪᠤᠶᠤ ᠭᠡᠪᠡ᠃ ᠴᠠᠰᠤ ᠰᠢᠬᠢᠷ ᠮᠣᠷᠳᠠᠪᠠ᠃ ᠣᠯᠠᠨ ᠠᠭᠲᠠ ᠪᠠᠨ ᠡᠯᠳᠡᠵᠦ ᠬᠠᠷᠢᠪᠠ᠃ ᠴᠠᠲᠠᠨ ᠨᠣᠶᠠᠨ ᠤᠭᠲᠤᠵᠤ ᠠᠰᠠᠭᠤᠪᠠ᠃ «ᠴᠠᠰᠤ ᠴᠢ ᠡᠨᠡ ᠣᠯᠠᠨ ᠠᠭᠲᠠ ᠵᠢ ᠬᠡᠨ ᠡᠴᠡ ᠠᠪᠤᠪᠠ ᠴᠢ?» ᠭᠡᠵᠦ ᠠᠰᠠᠭᠤᠪᠠ᠃ «ᠵᠤᠷ ᠢ ᠳᠣᠯᠣᠭᠠᠨ ᠠᠯᠪᠢᠨ ᠪᠠᠷᠢᠵᠤ ᠢᠳᠡᠵᠡᠢ᠃ ᠪᠢ ᠳᠣᠯᠣᠭᠠᠨ ᠠᠯᠪᠢᠨ ᠢ ᠠᠯᠠᠵᠤ᠂ ᠠᠭᠲᠠ ᠶᠢ ᠠᠪᠴᠤ ᠢᠷᠡᠪᠡ» ᠭᠡᠪᠡ᠃ «ᠲᠡᠷᠡ ᠮᠠᠭᠤ ᠦᠬᠦᠪᠡᠯ ᠦᠬᠦᠳᠦᠭᠡᠢ᠃ ᠴᠢ ᠮᠢᠨᠢ ᠯᠠ ᠮᠡᠨᠳᠦ ᠢᠷᠡᠭᠰᠡᠨ ᠰᠠᠶᠢᠨ» ᠭᠡᠳ ᠶᠠᠪᠤᠪᠠ᠃ ᠡᠴᠢᠭᠡ ᠳᠦ ᠪᠡᠨ ᠭᠤᠷᠪᠠᠨ ᠵᠠᠭᠤᠨ ᠠᠭᠲᠠ ᠦᠭᠭᠦᠪᠡ᠃ «ᠵᠠ ᠨᠠᠳᠠ ᠠᠴᠠ ᠦᠭᠡᠷ᠎ᠡ ᠦᠭᠡᠢ ᠪᠠᠶᠢᠨ᠎ᠠ᠃ ᠡᠨᠡ ᠬᠡᠦᠬᠡᠳ ᠮᠢᠨᠢ» ᠭᠡᠵᠦ ᠡᠪᠦᠭᠡᠨ ᠪᠠᠶᠠᠷᠯᠠᠪᠠ᠃
ᠲᠡᠳᠦᠢ ᠋ᠳᠦ ᠴᠠᠲᠠᠨ ᠨᠣᠶᠠᠨ ᠴᠠᠰᠤ ᠶᠢᠨ ᠭᠡᠷ ᠲᠦ ᠣᠴᠢᠭᠠᠳ «ᠮᠣᠷᠢ ᠦᠭ» ᠭᠡᠪᠡ᠃ ᠴᠠᠰᠤ ᠰᠢᠬᠢᠷ ᠦᠭᠦᠯᠡᠷᠦᠨ᠄ «ᠡᠨᠡ ᠮᠠᠭᠤ ᠴᠠᠲᠠᠨ ᠴᠢ ᠵᠤᠷ ᠢ ᠮᠢᠨᠢ ᠳᠣᠯᠣᠭᠠᠨ ᠠᠯᠪᠢᠨ ᠳᠤ ᠢᠯᠡᠭᠡᠵᠦ ᠠᠯᠠᠭᠤᠯᠤᠭᠠᠳ ᠨᠠᠳᠠ ᠠᠴᠠ ᠮᠣᠷᠢ ᠠᠪᠤᠨ᠎ᠠ ᠭᠡᠬᠦ ᠴᠢᠨᠢ ᠶᠠᠭᠤ ᠪᠤᠢ! ᠵᠤᠷ ᠤᠨ ᠲᠦᠯᠦᠭᠡ ᠴᠢᠮᠠᠢ ᠠᠯᠠᠶ᠎ᠠ» ᠭᠡᠳ ᠢᠯᠳᠦ ᠪᠡᠨ ᠪᠠᠷᠢᠵᠤ ᠪᠣᠰᠬᠤ ᠳᠤ ᠴᠠᠲᠠᠨ ᠨᠣᠶᠠᠨ ᠶᠡᠬᠡᠳᠡ ᠠᠶᠤᠵᠤ ᠭᠡᠷ ᠡᠴᠡ ᠭᠠᠷᠤᠨ ᠮᠣᠷᠢᠨ ᠳᠤ ᠪᠠᠨ ᠬᠠᠷᠠᠶᠢᠵᠤ ᠮᠣᠷᠳᠠᠭᠠᠳ ᠳᠤᠲᠠᠭᠠᠵᠤ ᠬᠠᠷᠢᠪᠠ ᠃