 

ᠠᠳᠤᠭᠤ

2019-10-14 17:42
  308
  0

ᠮᠣᠩᠭᠤᠯ ᠠᠳᠤᠭᠤᠨ ᠤ ᠡᠭᠦᠰᠦᠯ ᠭᠠᠷᠤᠯ

ᠬᠠᠭᠤᠴᠢ ᠰᠣᠳᠤᠯᠤᠭᠴᠢᠳ ᠤᠨ ᠢᠯᠡᠷᠡᠭᠦᠯᠦᠭᠰᠡᠨ ᠢᠶᠠᠷ ᠣᠳᠤ ᠡᠴᠡ 50 ᠰᠠᠷ᠎ᠠ ᠵᠢᠯ ᠤᠨ ᠳᠡᠷᠳᠡᠭᠡ ᠳᠡᠯᠡᠬᠡᠢ ᠶ᠋ᠢᠨ ᠪᠦᠮᠪᠦᠷᠴᠡᠭ ᠤᠨ ᠤᠮᠠᠷᠠᠳᠤ ᠬᠠᠭᠠᠰ ᠲᠤ ᠦᠨᠡᠭᠡᠨ ᠴᠢᠨᠡᠭᠡᠨ ᠪᠡᠶ᠎ᠡ ᠲᠠᠢ ᠂ ᠬᠦᠯ ᠳ᠋ᠡᠭᠡᠨ ᠭᠤᠷᠪᠠᠨ ᠬᠤᠷᠤᠭᠤ ᠲᠠᠢ ᠨᠢᠭᠡᠨ ᠵᠦᠢᠯ ᠤᠨ ᠠᠮᠢᠳᠠᠨ ᠠᠮᠢᠳᠤᠷᠠᠵᠦ ᠪᠠᠶᠢᠵᠠᠢ ᠃ ᠰᠣᠳᠤᠯᠭᠠᠳᠠᠳ ᠲᠡᠭᠦᠨ ᠢ ᠠᠳᠤᠭᠤᠨ ᠤ ᠡᠪᠦᠭᠡ ᠭᠡᠵᠦ ᠦᠵᠡᠵᠦ ᠪᠠᠶᠢᠪᠠ ᠃ ᠭᠡᠳᠡᠯ᠎ᠡ ᠡᠭᠦᠨ ᠡᠴᠡ ᠨᠡᠩ ᠴᠢᠨᠠᠭᠰᠢ 60 ᠰᠠᠷ᠎ᠠ ᠵᠢᠯ ᠤᠨ ᠳᠡᠷᠳᠡᠭᠡ ᠪᠠᠰᠠ ᠨᠤᠮᠤᠨ ᠨᠢᠷᠤᠭᠤ ᠲᠠᠢ ᠂ ᠤᠷᠳᠤ ᠰᠡᠭᠦᠯ ᠲᠠᠢ ᠬᠠᠷᠢᠺᠲᠤᠷ ᠭᠡᠬᠦ ᠨᠤᠬᠠᠢ ᠲᠠᠢ ᠲᠦᠰᠡᠳᠠᠢ ᠵᠢᠵᠢᠭ ᠠᠮᠢᠳᠠᠨ ᠪᠠᠶᠢᠭᠰᠠᠨ ᠢ ᠣᠯᠵᠦ ᠮᠡᠳᠡᠭᠡᠳ ᠲᠡᠭᠦᠨ ᠢ ᠠᠳᠤᠭᠤᠨ ᠤ ᠬᠣᠯᠠ ᠶ᠋ᠢᠨ ᠡᠪᠦᠭᠡ ᠭᠡᠵᠦ ᠦᠵᠡᠭᠰᠡᠨ ᠪᠠᠶᠢᠨ᠎ᠠ ᠃ ᠡᠨᠡ ᠠᠮᠢᠳᠠᠨ ᠤ ᠬᠦᠯ ᠨᠢ ᠭᠤᠷᠪᠠᠨ ᠬᠤᠷᠤᠭᠤ ᠲᠠᠢ ᠪᠠᠶᠢᠭᠰᠠᠨ ᠪᠣᠯᠪᠠᠴᠦ ᠠᠮᠢᠳᠤᠷᠠᠯ ᠤᠨ ᠣᠷᠴᠢᠨ ᠨᠦᠬᠦᠴᠡᠯ ᠡᠴᠡ ᠰᠢᠯᠳᠠᠭᠠᠯᠠᠵᠦ ᠳᠤᠮᠳᠠ ᠬᠤᠷᠤᠭᠤ ᠨᠢ ᠶᠡᠬᠡᠳᠡ ᠬᠦᠭᠵᠢᠵᠦ ᠪᠣᠰᠤᠳ ᠬᠤᠷᠤᠭᠤ ᠨᠢ ᠠᠭᠠᠵᠢᠮ ᠢᠶᠠᠷ ᠤᠰᠠᠳᠠᠭᠰᠠᠨ ᠢ ᠡᠷᠳᠡᠨ ᠤ ᠮᠠᠯᠳᠠᠮᠠᠯ ᠡᠴᠡ ᠣᠯᠳᠠᠭᠰᠠᠨ ᠠᠳᠤᠭᠤᠨ ᠤ ᠶᠠᠰᠦᠨ ᠡᠴᠡ ᠰᠢᠨᠵᠢᠯᠡᠨ ᠮᠡᠳᠡᠵᠠᠢ ᠃

ᠮᠣᠩᠭᠤᠯ ᠤᠯᠤᠰ ᠤᠨ ᠬᠠᠭᠤᠴᠢ ᠰᠣᠳᠤᠯᠤᠭᠴᠢᠳ ᠲᠠᠳᠡᠯ ᠭᠣᠣᠯ ᠡᠴᠡ ᠬᠣᠯᠠ ᠦᠭᠡᠢ ᠣᠷᠤᠰᠢᠬᠤ ᠤᠯᠠᠭᠨᠳᠤᠯᠤᠭᠠᠢ ᠭᠡᠳᠡᠭ ᠭᠠᠵᠠᠷ ᠡᠴᠡ25 ᠰᠠᠷ᠎ᠠ ᠵᠢᠯ ᠤᠨ ᠡᠮᠦᠨᠡᠬᠢ ᠠᠩᠬᠠᠨ ᠤ ᠠᠳᠤᠭᠤᠨ ᠴᠢᠯᠠᠭᠤᠵᠢᠮᠡᠯ ᠢ ᠣᠯᠵᠦ ᠠᠪᠴᠠᠢ ᠃ ᠮᠠᠨ ᠤ ᠤᠯᠤᠰ ᠤᠨ ᠣᠮᠠᠷᠠᠳᠤ ᠤᠷᠤᠨ ᠡᠴᠡ ᠭᠤᠷᠪᠠᠨ ᠬᠤᠷᠤᠭᠤᠳᠤ ᠠᠳᠤᠭᠤᠨ ᠤ ᠶᠠᠰᠦ ᠪᠠ ᠰᠢᠳᠦᠨ ᠤ ᠴᠢᠯᠠᠭᠤᠵᠢᠮᠠᠯ ᠢ ᠤᠯᠵᠦ ᠠᠪᠴᠠᠢ ᠃ ᠦᠪᠦᠷ ᠮᠣᠩᠭᠤᠯ ᠤᠨ ᠲᠤᠩᠭᠤᠷ ᠨᠤᠳᠤᠭ ᠡᠴᠡ ᠤᠯᠳᠠᠭᠰᠠᠨ ᠠᠨᠴᠢ ᠠᠳᠤᠭᠤ ᠂ ᠵᠦᠩᠭᠠᠷ ᠤᠨ《ᠭᠤᠷᠪᠠᠨ ᠬᠤᠷᠤᠭᠤᠳᠤ ᠠᠳᠤᠭᠤ》᠂ ᠬᠤᠸᠠᠳ᠋ᠸ ᠶ᠋ᠢᠨ《 ᠴᠢ ᠣᠪᠤᠭᠳᠤ ᠶ᠋ᠢᠨ ᠳᠤᠮᠳᠠᠳᠤ ᠶ᠋ᠢᠨ ᠠᠳᠤᠭᠤ 》ᠵᠡᠷᠭᠡ ᠮᠠᠯᠳᠠᠮᠠᠯ ᠨᠢ ᠪᠦᠷ ᠯᠡ ᠪᠠᠯᠠᠷ ᠡᠷᠳᠡᠨ ᠤ ᠠᠳᠤᠭᠤᠨ ᠤ ᠣᠷᠤᠰᠢᠨ ᠠᠮᠢᠳᠤᠷᠠᠵᠦ ᠪᠠᠶᠢᠭᠰᠠᠨ ᠤ ᠤᠯᠠ ᠮᠦᠷ ᠪᠣᠯᠤᠨ᠎ᠠ ᠃ ᠡᠭᠦᠨ ᠡᠴᠡ ᠭᠠᠳᠠᠨ᠎ᠠ ᠣᠳᠤ ᠶ᠋ᠢᠨ ᠤᠯᠠᠭᠠᠨᠴᠠᠪ ᠠᠶᠢᠮᠠᠭ ᠤᠨ ᠪᠠᠷᠠᠭᠤᠨ ᠬᠤᠶᠢᠳᠤ ᠬᠡᠰᠡᠭ ᠳᠡᠬᠢ ᠡᠷᠳᠡᠨᠢᠳᠤ ᠂ ᠬᠣᠩᠭᠤᠷ ᠪᠣᠯᠤᠨ ᠣᠳᠤ ᠶ᠋ᠢᠨ ᠬᠦᠬᠡᠬᠤᠳᠠ ᠂ ᠲᠤᠭᠳᠠᠬᠤ ᠰᠢᠶᠠᠨ ᠵᠡᠷᠭᠡ ᠭᠠᠵᠠᠷ ᠡᠴᠡ ᠴᠦ ᠭᠤᠷᠪᠠᠨ ᠬᠤᠷᠤᠭᠤᠳᠤ ᠠᠳᠤᠭᠤᠨ ᠤ ᠴᠢᠯᠠᠭᠤᠵᠢᠮᠠᠯ ᠢ ᠮᠠᠯᠳᠠᠵᠦ ᠭᠠᠷᠭᠠᠵᠠᠢ ᠃ ᠡᠷᠳᠡᠮᠳᠡᠳ ᠡᠳᠡᠭᠡᠷ ᠴᠢᠯᠠᠭᠤᠵᠢᠮᠠᠯ ᠢ《 ᠭᠤᠷᠪᠠᠨ ᠬᠤᠷᠤᠭᠤᠳᠤ ᠠᠳᠤᠭᠤᠨ ᠰᠦᠷᠦᠭ》 ᠭᠡᠵᠦ ᠨᠡᠷᠡᠶᠢᠳᠤᠨ ᠲᠡᠳᠡᠭᠡᠷ ᠭᠠᠵᠠᠷ ᠢ ᠳᠡᠯᠡᠬᠡᠢ ᠶ᠋ᠢᠨ ᠡᠷᠳᠡᠨ ᠤ ᠠᠮᠢᠳᠤ ᠪᠣᠳᠠᠰ ᠤᠨ ᠰᠣᠳᠤᠯᠤᠯ ᠤᠨ ᠳᠤᠷᠠᠰᠬᠠᠯᠳᠤ ᠣᠷᠤᠨ ᠪᠤᠯᠭᠠᠨ ᠲᠣᠭᠠᠴᠠᠵᠦ ᠪᠣᠢ ᠂ ᠡᠳᠡᠭᠡᠷ ᠪᠤᠳᠠᠳᠤ ᠪᠠᠷᠢᠮᠳᠠ ᠨᠢ ᠲᠦᠪ ᠠᠽᠢᠶ᠎ᠠ ᠪᠣᠯ ᠠᠩᠬᠠᠨ ᠤ《 ᠭᠤᠷᠪᠠᠨ ᠬᠤᠷᠤᠭᠤᠳᠤ ᠠᠳᠤᠭᠤᠨ》 ᠤ ᠤᠤᠭᠠᠨ ᠨᠤᠳᠤᠭ ᠮᠦᠨ ᠪᠦᠭᠡᠳ《ᠭᠤᠷᠪᠠᠨ ᠬᠤᠷᠤᠭᠤᠳᠤ ᠠᠳᠤᠭᠤ》ᠪᠣᠯ ᠮᠣᠩᠭᠤᠯ ᠠᠳᠤᠭᠤᠨ ᠤ ᠡᠪᠦᠭᠡ ᠳᠡᠭᠡᠳᠤᠰ ᠪᠣᠯᠬᠤ ᠶ᠋ᠢ ᠭᠡᠷᠡᠴᠢᠯᠡᠵᠦ ᠦᠭᠴᠠᠢ ᠭᠡᠵᠦ ᠡᠷᠳᠡᠮᠳᠡᠳ ᠦᠵᠡᠵᠦ ᠪᠣᠢ ᠃

ᠮᠣᠩᠭᠤᠯ ᠠᠳᠤᠭᠤᠨ ᠤ ᠣᠨᠴᠠᠯᠢᠭ

ᠮᠣᠩᠭᠤᠯ ᠠᠳᠤᠭᠤ ᠪᠤᠯ ᠮᠤᠩᠭᠤᠯᠴᠤᠳ ᠮᠣᠩᠭᠤᠯ ᠤᠨ ᠦᠨᠳᠦᠷᠯᠢᠭ ᠲᠤ ᠤᠯᠠᠨ ᠵᠢᠯ ᠤᠨ ᠲᠣᠷᠰᠢᠳᠠ ᠮᠠᠯᠵᠢᠨ ᠪᠣᠶᠢᠵᠢᠭᠤᠯᠤᠭᠰᠠᠨ ᠣᠯᠠᠨ ᠬᠡᠷᠡᠭᠴᠡᠭᠡᠳᠦ ᠡᠷᠳᠡᠨ ᠤ ᠡᠭᠦᠯᠳᠡᠷ ᠤᠨ ᠠᠳᠤᠭᠤ ᠪᠤᠯᠤᠨ᠎ᠠ ᠃ ᠮᠣᠩᠭᠤᠯ ᠠᠳᠤᠭᠤ ᠨᠢ ᠵᠢᠯ ᠲᠣᠷᠰᠢ ᠪᠡᠯᠴᠢᠭᠡᠷ ᠤᠨ ᠮᠠᠯᠯᠠᠭ᠎ᠠ ᠶ᠋ᠢᠨ ᠨᠦᠬᠦᠴᠡᠯ ᠳ᠋ᠤ ᠪᠣᠶᠢᠵᠢᠭᠰᠠᠨ ᠪᠣᠯᠬᠤᠷ ᠪᠠᠶᠢᠭᠠᠯᠢ ᠣᠷᠴᠢᠨ ᠤ ᠡᠯᠳᠡᠪ ᠮᠠᠭᠤ ᠨᠦᠬᠦᠴᠡᠯ ᠪᠡ ᠠᠭᠤᠷ ᠠᠮᠢᠰᠬᠤᠯ ᠤᠨ ᠪᠠᠴᠢᠮᠠᠭ ᠲᠦᠷᠭᠡᠨ ᠬᠣᠪᠢᠷᠠᠯᠳᠠ ᠳ᠋ᠤ ᠵᠣᠬᠢᠴᠠᠵᠦ ᠴᠢᠳᠠᠳᠠᠭ ᠢᠶᠠᠷ ᠢᠶᠡᠨ ᠳᠡᠯᠡᠬᠡᠢ ᠳ᠋ᠤ ᠠᠯᠳᠠᠷᠰᠢᠵᠠᠢ ᠃ ᠮᠣᠩᠭᠤᠯ ᠠᠳᠤᠭᠤᠨ ᠤ ᠪᠡᠶ᠎ᠡ ᠨᠢ ᠪᠠᠭᠠᠪᠳᠤᠷ ᠂ ᠲᠣᠯᠤᠭᠠᠢ ᠨᠢ ᠪᠦᠳᠦᠭᠦᠨ ᠂ ᠮᠠᠩᠨᠠᠢ ᠨᠢ ᠦᠷᠭᠡᠨ ᠂ ᠨᠢᠳᠦᠨ ᠤᠬᠤᠷᠬᠠᠢ ᠨᠢ ᠲᠦᠭᠦᠷᠢᠭ ᠂ ᠬᠠᠮᠠᠷ ᠤᠨ ᠬᠡᠰᠡᠭ ᠨᠢ ᠰᠢᠯᠤᠭᠤᠨ ᠂ ᠬᠠᠮᠠᠷ ᠤᠨ ᠨᠦᠬᠡ ᠨᠢ ᠲᠤᠮᠤ ᠂ ᠵᠢᠵᠢᠭᠬᠡᠨ ᠴᠢᠬᠢ ᠲᠠᠢ ᠂ ᠬᠦᠵᠦᠭᠦᠦ ᠨᠢ ᠤᠬᠤᠷ ᠮᠦᠷᠳᠡᠭᠡᠨ ᠮᠢᠬᠠᠯᠢᠭ ᠂ ᠮᠣᠨᠳᠠᠭ᠎ᠠ ᠨᠢ ᠨᠠᠮᠬᠠᠨ ᠂ ᠴᠡᠭᠡᠵᠢ ᠨᠢ ᠦᠷᠭᠡᠨ ᠪᠦᠭᠡᠳ ᠭᠦᠨ ᠂ ᠨᠢᠷᠤᠭᠤ ᠨᠢ ᠰᠢᠯᠤᠭᠤᠨ ᠮᠦᠷᠳᠡᠭᠡᠨ ᠦᠷᠭᠡᠪᠳᠦᠷ ᠂ ᠤᠯᠠᠩᠬᠢ ᠨᠢ ᠤᠬᠤᠷᠬᠠᠨ ᠲᠠᠰᠢᠭᠤ ᠲᠠᠰᠢᠶ᠎ᠠ ᠲᠠᠢ ᠂ ᠬᠡᠪᠡᠯᠢ ᠨᠢ ᠲᠤᠮᠤ ᠰᠢᠭ᠋ ᠂ ᠳᠦᠷᠪᠡᠨ ᠬᠦᠯ ᠨᠢ ᠬᠠᠳᠠᠭᠤ ᠴᠢᠬᠢᠷᠠᠭ ᠂ ᠭᠢᠰᠬᠢᠯᠳᠡ ᠨᠢ ᠬᠦᠴᠦᠳᠡᠢ ᠪᠦᠭᠡᠳ ᠲᠦᠪ ᠂ ᠰᠤᠳᠠᠯ ᠰᠢᠷᠪᠤᠰᠦ ᠨᠢ ᠬᠦᠭᠵᠢᠯ ᠲᠠᠢ ᠂ ᠲᠤᠭᠤᠷᠠᠢ ᠨᠢ ᠬᠠᠳᠠᠭᠤ ᠪᠡᠬᠢ ᠂ ᠠᠷᠠᠰᠦ ᠨᠢ ᠵᠤᠵᠠᠭᠠᠨ ᠂ ᠪᠦᠷᠬᠦᠬᠦᠯ ᠦᠰᠦ ᠨᠢ ᠨᠢᠭᠳᠠ ᠂ ᠳᠡᠯ ᠰᠡᠭᠦᠯ ᠰᠠᠭᠯᠠᠭ᠎ᠠ ᠶ᠋ᠢᠨ ᠦᠰᠦ ᠨᠢ ᠤᠷᠳᠤ ᠪᠦᠭᠡᠳ ᠵᠤᠵᠠᠭᠠᠨ ᠂ ᠵᠢᠰᠦᠮ ᠨᠢ ᠣᠯᠠᠨ ᠃ ᠪᠡᠯᠴᠢᠭᠡᠷ ᠤᠨ ᠪᠦᠳᠦᠭᠦᠯᠢᠭ ᠲᠡᠵᠢᠭᠡᠯᠭᠡ ᠳ᠋ᠤ ᠳᠠᠳᠴᠦ ᠪᠠᠶᠢᠭᠠᠯᠢ ᠶ᠋ᠢᠨ ᠡᠯᠳᠡᠪ ᠨᠦᠬᠦᠴᠡᠯ ᠳ᠋ᠤ ᠵᠣᠬᠢᠴᠠᠬᠤ ᠴᠢᠳᠠᠪᠤᠷᠢ ᠪᠡᠷ ᠮᠠᠰᠢ ᠰᠠᠶᠢᠨ ᠵᠡᠷᠭᠡ ᠣᠨᠴᠠᠯᠢᠭ ᠲᠠᠢ ᠃ ᠮᠣᠩᠭᠤᠯ ᠠᠳᠤᠭᠤᠨ ᠤ ᠪᠡᠶ᠎ᠡ ᠶ᠋ᠢᠨ ᠦᠨᠳᠦᠷ ᠨᠢ ᠶᠡᠷᠦᠩᠬᠡᠢ ᠳ᠋ᠡᠭᠡᠨ 3.6 ~3.9 ᠲᠣᠬᠤᠢ ︵ 120 ~132 ᠰᠡᠨᠲ᠋ᠢᠮᠸᠲ᠋ᠷ ︶ ᠂ ᠠᠮᠢᠳᠤ ᠶ᠋ᠢᠨ ᠵᠢᠩ ᠨᠢ 520 ~740 ᠵᠢᠩ ︵ 260 ~370 ᠺᠢᠯᠤᠭᠷᠠᠮ ︶ ᠪᠠᠶᠢᠳᠠᠭ ᠃ ᠮᠣᠩᠭᠤᠯ ᠠᠳᠤᠭᠤ ᠶ᠋ᠢ ᠤᠨᠤᠯᠭ᠎ᠠ ᠂ ᠬᠦᠯᠦᠰᠢ ᠂ ᠠᠴᠢᠶ᠎ᠠ ᠵᠡᠷᠭᠡ ᠶ᠋ᠢᠨ ᠠᠯᠢᠨ ᠳ᠋ᠤᠨᠢ ᠬᠡᠷᠡᠭᠯᠡᠭᠰᠡᠨ ᠴᠦ ᠪᠡᠶ᠎ᠡ ᠪᠠᠭ᠎ᠠ ᠬᠢᠷᠢᠨ ᠳ᠋ᠡᠭᠡᠨ ᠬᠦᠮᠦᠨ ᠢ ᠰᠣᠴᠢᠭᠠᠮ᠎ᠠ ᠳᠠᠭᠠᠭᠠᠮᠠᠭᠠᠢ ᠴᠢᠳᠠᠯ ᠪᠠ ᠲᠡᠰᠪᠦᠷᠢᠳᠤ ᠴᠢᠨᠠᠷ ᠲᠠᠢ ᠪᠠᠶᠢᠳᠠᠭ ᠃

ᠮᠣᠩᠭᠤᠯ ᠠᠳᠤᠭᠤᠨ ᠤ ᠤᠶᠢᠷ᠎ᠠ ᠬᠤᠷᠳᠤᠴᠠ ᠨᠢ 2 ᠭᠠᠵᠠᠷ ︵ 1 ᠺᠢᠯᠤᠮᠸᠲ᠋ᠷ ︶ ᠢ ᠨᠢᠭᠡ ᠮᠢᠨᠦ᠋ᠲ ᠬᠣᠶᠠᠷ ᠰᠸᠺᠦ᠋ᠨᠳ᠋ ᠂10 ᠭᠠᠵᠠᠷ ᠢ ᠵᠢᠷᠭᠤᠭᠠᠨ ᠮᠢᠨᠦ᠋ᠲ ᠲᠠᠪᠢᠨ ᠨᠠᠢᠮᠠᠨ ᠰᠸᠺᠦ᠋ᠨᠳ᠋ 30 ᠭᠠᠵᠠᠷ ᠢ ᠬᠣᠷᠢᠨ ᠭᠤᠷᠪᠠᠨ ᠮᠢᠨᠦ᠋ᠲ ᠲᠠᠪᠢᠨ ᠳᠦᠷᠪᠡᠨ ᠰᠸᠺᠦ᠋ᠨᠳ᠋ ᠭᠦᠶᠦᠳᠡᠭ ᠃ ᠬᠣᠯᠠ ᠶ᠋ᠢᠨ ᠠᠶᠠᠨ ᠳ᠋ᠤ ᠡᠳᠦᠷ ᠲᠤ 200 ~300 ᠭᠠᠵᠠᠷ ᠤᠨ ᠬᠤᠷᠳᠤᠴᠠ ᠪᠠᠷ 8 ~15 ᠡᠳᠦᠷ ᠦᠷᠬᠦᠯᠵᠢᠯᠡᠨ ᠶᠠᠪᠤᠬᠤ ᠳ᠋ᠤ ᠰᠢᠨᠳᠠᠷᠠᠬᠤ ᠦᠭᠡᠢ ᠪᠠᠶᠢᠳᠠᠭ ᠃ ᠳᠦᠷᠪᠡ ᠬᠦᠯᠦᠭᠰᠡᠨ ᠮᠣᠷᠢᠨ ᠲᠡᠷᠭᠡᠨ ᠳ᠋ᠤ 400 ~500 ᠵᠢᠩ ᠠᠴᠢᠶ᠎ᠠ ᠲᠡᠭᠡᠭᠡᠴᠢᠭᠡᠭᠡᠳ ᠡᠳᠦᠷ ᠪᠦᠷᠢ120 ᠭᠠᠵᠠᠷ ᠠᠶᠠᠯᠠᠵᠦ ᠪᠣᠯᠳᠠᠭ ᠃ ᠮᠣᠩᠭᠤᠯ ᠠᠳᠤᠭᠤ ᠤᠨᠤᠯᠭ᠎ᠠ ᠂ ᠬᠦᠯᠦᠰᠢ ᠂ ᠠᠴᠢᠶ᠎ᠠ ᠶ᠋ᠢᠨ ᠠᠯᠢᠨ ᠳ᠋ᠤ ᠴᠦ ᠲᠣᠬᠢᠷᠠᠮᠵᠢᠳᠠᠢ ᠪᠣᠯᠪᠠᠴᠦ ᠭᠣᠣᠯ ᠨᠢ ᠤᠨᠤᠯᠭ᠎ᠠ ᠳ᠋ᠤ ᠰᠠᠶᠢᠨ ᠪᠠᠶᠢᠳᠠᠭ ᠃

ᠮᠣᠩᠭᠤᠯ ᠠᠳᠤᠭᠤᠨ ᠤ ᠲᠠᠷᠬᠠᠯᠳᠠ

ᠮᠣᠩᠭᠤᠯ ᠠᠳᠤᠭᠤ ᠮᠠᠰᠢ ᠦᠷᠭᠡᠨ ᠬᠡᠪᠴᠢᠶᠡᠨ ᠳ᠋ᠤ ᠲᠠᠷᠬᠠᠵᠦ ᠂ ᠳᠡᠯᠡᠬᠡᠢ ᠶ᠋ᠢᠨ ᠨᠡᠯᠢᠶᠡᠳ ᠣᠯᠠᠨ ᠠᠳᠤᠭᠤᠨ ᠤ ᠡᠭᠦᠯᠳᠡᠷ ᠤᠨ ᠪᠣᠢ ᠪᠤᠯᠬᠤ ᠳ᠋ᠤ ᠶᠡᠭᠡᠬᠡᠨ ᠨᠦᠯᠦᠭᠡ ᠦᠵᠡᠭᠦᠯᠵᠠᠢ ᠃ ᠮᠣᠩᠭᠤᠯ ᠠᠳᠤᠭᠤ ᠳᠤᠮᠳᠠᠳᠤ ᠤᠯᠤᠰ ᠤᠨ ᠵᠡᠭᠦᠨ ᠬᠣᠶᠢᠳᠤ ᠣᠷᠤᠨ ᠂ ᠣᠮᠠᠷᠠᠳᠤ ᠣᠷᠤᠨ ᠂ ᠪᠠᠷᠠᠭᠤᠨ ᠬᠣᠶᠢᠳᠤ ᠣᠷᠤᠨ ᠪᠣᠯᠤᠨ ᠮᠣᠩᠭᠤᠯ ᠤᠯᠤᠰ ᠂ ᠤᠤᠯ ᠤᠨ ᠵᠦᠪᠯᠡᠯᠳᠤ ᠬᠤᠯᠪᠤᠭᠠᠳᠤ ᠤᠯᠤᠰ ᠤᠨ ᠪᠠᠶᠢᠭᠠᠯ ᠨᠠᠭᠤᠷ ᠤᠨ ᠬᠠᠪᠢ ᠪᠡᠷ ᠦᠷᠭᠡᠨ ᠬᠡᠪᠴᠢᠶᠡᠨ ᠳ᠋ᠤ ᠲᠠᠷᠬᠠᠵᠦ ᠪᠠᠶᠢᠳᠠᠭ ᠃ ᠮᠣᠩᠭᠤᠯ ᠠᠳᠤᠭᠤ ᠶ᠋ᠢ ᠲᠡᠭᠦᠨ ᠤ ᠨᠤᠳᠤᠭᠰᠢᠭᠰᠠᠨ ᠭᠠᠵᠠᠷ ᠣᠷᠤᠨ ᠤ ᠬᠢᠨᠢ ᠣᠨᠴᠠᠯᠢᠭ ᠢᠶᠠᠷ ᠨᠢ ᠲᠠᠯ᠎ᠠ ᠨᠤᠳᠤᠭ ᠤᠨ ᠠᠳᠤᠭᠤ ᠂ ᠰᠢᠭᠤᠶᠢᠳᠤ ᠣᠷᠤᠨ ᠤ ᠠᠳᠤᠭᠤ ᠂ ᠡᠯᠡᠰᠦᠷᠬᠡᠭ ᠣᠷᠤᠨ ᠤ ᠠᠳᠤᠭᠤ ᠂ ᠠᠭᠤᠯᠠᠷᠬᠠᠭ ᠣᠷᠤᠨ ᠤ ᠠᠳᠤᠭᠤ ᠭᠡᠵᠦ ᠳᠦᠷᠪᠡᠨ ᠬᠡᠯᠪᠡᠷᠢ ᠳ᠋ᠤ ᠠᠩᠭᠢᠯᠠᠳᠠᠭ ᠃

ᠲᠠᠯ᠎ᠠ ᠨᠣᠳᠤᠭ ᠤᠨ ᠠᠳᠤᠭᠤ

ᠲᠠᠯ᠎ᠠ ᠭᠠᠵᠠᠷ ᠨᠤᠳᠤᠭᠰᠢᠭᠰᠠᠨ ᠠᠳᠤᠭᠤ ᠃ ᠪᠡᠶ᠎ᠡ ᠨᠢ ᠪᠠᠭᠠᠪᠳᠤᠷ ᠪᠣᠯᠪᠠᠴᠦ ᠴᠡᠭᠡᠵᠢ ᠨᠢ ᠦᠷᠭᠡᠨ ᠬᠦᠨ ᠂ ᠭᠠᠳᠠᠷ ᠪᠠᠶᠢᠳᠠᠯ ᠨᠢ ᠲᠡᠳᠦᠢ ᠯᠡ ᠭᠣᠪᠠᠢ ᠨᠠᠷᠢᠯᠢᠭ ᠪᠢᠰᠢ ᠂ ᠦᠰᠦ ᠨᠢ ᠵᠤᠵᠠᠭᠠᠨ ᠪᠦᠭᠡᠳ ᠤᠷᠳᠤ ᠰᠢᠭ᠋ ᠃ ᠪᠦᠳᠦᠴᠡ ᠨᠢ ᠨᠢᠭᠳᠠ ᠂ ᠪᠡᠶ᠎ᠡ ᠴᠣᠭᠴᠠ ᠨᠢ ᠪᠡᠬᠢᠯᠢᠭ ᠂ ᠳᠦᠷᠪᠡᠨ ᠮᠦᠴᠢ ᠨᠢ ᠰᠢᠨᠳᠠᠰᠦ ᠲᠠᠢ ᠪᠠᠶᠢᠭᠠᠯᠢ ᠶ᠋ᠢᠨ ᠪᠡᠯᠴᠢᠭᠡᠷ ᠵᠡᠷᠭᠡ ᠪᠦᠳᠦᠭᠦᠯᠢᠭ ᠢᠳᠡᠰᠢᠨ ᠳ᠋ᠤ ᠵᠣᠬᠢᠴᠠᠭᠰᠠᠨ ᠪᠠᠶᠢᠳᠠᠭ ᠃ ᠡᠶᠢᠮᠦ ᠬᠡᠯᠪᠡᠷᠢ ᠶ᠋ᠢᠨ ᠠᠳᠤᠭᠤ ᠪᠠᠷᠠᠭᠤᠨᠰᠢ ᠠᠯᠳᠠᠢ ᠠᠭᠤᠯᠠ ᠂ ᠵᠡᠭᠦᠨᠰᠢ ᠬᠢᠩᠭᠠᠨ ᠳᠠᠪᠠᠭ᠎ᠠ ᠂ ᠣᠮᠠᠷᠠᠰᠢ ᠪᠠᠶᠢᠭᠠᠯ ᠨᠠᠭᠤᠷ ᠂ ᠡᠮᠦᠨᠡᠰᠢ ᠴᠠᠭᠠᠨ ᠬᠡᠷᠡᠮ ᠬᠦᠷᠳᠡᠯᠡᠬᠢ ᠮᠣᠩᠭᠤᠯ ᠤᠨ ᠦᠨᠳᠦᠷᠯᠢᠭ ᠤᠨ ᠬᠡᠭᠡᠷ᠎ᠡ ᠲᠠᠯ᠎ᠠ ᠭᠠᠵᠠᠷ ᠨᠡᠶᠢᠳᠡᠮ ᠲᠠᠷᠬᠠᠵᠦ ᠪᠠᠶᠢᠳᠠᠭ ᠃ ᠡᠭᠦᠨ ᠳ᠋ᠤ ᠳᠤᠮᠳᠠᠳᠤ ᠤᠯᠤᠰ ᠤᠨ ᠦᠪᠦᠷ ᠮᠣᠩᠭᠤᠯ ᠤᠨ ᠰᠢᠯᠢ ᠶ᠋ᠢᠨ ᠭᠤᠤᠯ ᠂ ᠤᠯᠠᠭᠠᠨᠴᠠᠪ ᠂ ᠪᠠᠶᠠᠨᠨᠠᠭᠤᠷ ᠤᠨ ᠤᠷᠠᠳ ᠂ ᠮᠣᠩᠭᠤᠯ ᠤᠯᠤᠰ ᠤᠨ ᠳᠤᠷᠤᠨ᠎ᠠ ᠂ ᠡᠮᠦᠨ᠎ᠡ ᠭᠣᠪᠢ ᠵᠡᠷᠭᠡ ᠭᠠᠵᠠᠷ ᠣᠷᠤᠨ ᠤ ᠲᠠᠯ᠎ᠠ ᠭᠠᠵᠠᠷ ᠲᠤ ᠢᠯᠡᠭᠦᠦ ᠲᠦᠪᠯᠡᠷᠡᠵᠦ ᠪᠠᠶᠢᠳᠠᠭ ᠃

ᠰᠢᠭᠤᠶᠢᠳᠤ ᠤᠷᠤᠨ ᠤ ᠠᠳᠤᠭᠤ

ᠣᠢ ᠰᠢᠭᠤᠶᠢᠳᠤ ᠣᠷᠤᠨ ᠳ᠋ᠤ ᠨᠤᠳᠤᠭᠰᠢᠭᠰᠠᠨ ᠠᠳᠤᠭᠤ ᠃ ᠡᠨᠡ ᠠᠳᠤᠭᠤ ᠨᠢ ᠬᠦᠢᠳᠡᠨ ᠪᠦᠭᠡᠳ ᠴᠢᠭᠢᠭ ᠶᠡᠬᠡᠳᠠᠢ ᠠᠭᠤᠷ ᠠᠮᠢᠰᠬᠤᠯ ᠳ᠋ᠤ ᠵᠣᠬᠢᠴᠠᠵᠦ ᠰᠠᠬᠤᠯᠢᠭ ᠦᠨᠳᠦᠷ ᠡᠪᠡᠰᠦ ᠤᠷᠭᠤᠮᠠᠯ ᠤᠨ ᠰᠤᠷ ᠢ ᠢᠳᠡᠵᠦ ᠳᠠᠳᠤᠭᠰᠠᠨ ᠪᠠᠶᠢᠳᠠᠭ ᠃ ᠲᠠᠯ᠎ᠠ ᠨᠤᠳᠤᠭ ᠤᠨ ᠠᠳᠤᠭᠤ ᠶ᠋ᠢ ᠪᠤᠳᠤᠪᠠᠯ ᠬᠦᠨᠳᠤ ᠴᠢᠨᠠᠷ ᠤᠨ ᠠᠳᠤᠭᠤᠨ ᠳ᠋ᠤ ᠲᠣᠭᠠᠴᠠᠭᠳᠠᠨ᠎ᠠ ᠃ ᠪᠡᠶ᠎ᠡ ᠴᠣᠭᠴᠠ ᠨᠢ ᠤᠷᠳᠤ ᠪᠦᠭᠡᠳ ᠦᠷᠭᠡᠨ ᠂ ᠬᠦᠨᠳᠤ ᠪᠦᠳᠦᠭᠦᠯᠢᠭ ᠂ ᠳᠡᠯ ᠰᠡᠭᠦᠯ ᠨᠢ ᠤᠷᠳᠤ ᠵᠤᠵᠠᠭᠠᠨ ᠂ ᠳᠦᠷᠪᠡᠨ ᠮᠦᠴᠢ ᠨᠢ ᠬᠦᠳᠡᠷᠯᠢᠭ ᠂ ᠲᠤᠭᠤᠷᠠᠢ ᠨᠢ ᠲᠤᠮᠤ ᠪᠦᠭᠡᠳ ᠦᠷᠭᠡᠨ ᠂ ᠤᠳᠠᠭᠠᠪᠳᠤᠷ ᠬᠦᠳᠡᠯᠪᠤᠷᠢ ᠲᠠᠢ ᠃ ᠡᠶᠢᠮᠦ ᠬᠡᠯᠪᠡᠷᠢ ᠶ᠋ᠢᠨ ᠠᠳᠤᠭᠤ ᠭᠤᠤᠯᠳᠠᠭᠤ ᠲᠦᠪ ᠠᠽᠢᠶ᠎ᠠ ᠶ᠋ᠢᠨ ᠰᠢᠪᠸᠷᠢᠶ᠎ᠠ ᠶ᠋ᠢᠨ ᠰᠢᠭᠤᠶᠢᠳᠤ ᠣᠷᠤᠨ ᠵᠡᠷᠭᠡ ᠭᠠᠵᠠᠷ ᠳ᠋ᠤ ᠲᠠᠷᠬᠠᠵᠦ ᠪᠠᠶᠢᠳᠠᠭ ᠃

ᠠᠭᠤᠯᠠᠷᠬᠠᠭ ᠣᠷᠤᠨ ᠤ ᠠᠳᠤᠭᠤ

ᠠᠭᠤᠯᠠᠷᠬᠠᠭ ᠣᠷᠤᠨ ᠳ᠋ᠤ ᠨᠤᠳᠤᠭᠰᠢᠭᠰᠠᠨ ᠠᠳᠤᠭᠤ ᠃ ᠪᠡᠶ᠎ᠡ ᠨᠢ ᠪᠠᠭ᠎ᠠ ᠂ ᠴᠣᠭᠴᠠ ᠨᠢ ᠨᠠᠷᠢᠯᠢᠭ ᠂ ᠳᠦᠷᠪᠡᠨ ᠮᠦᠴᠢ ᠨᠢ ᠰᠢᠯᠤᠭᠤᠨ ᠪᠦᠭᠡᠳ ᠴᠢᠬᠢᠷᠠᠭ ᠂ ᠲᠤᠭᠤᠷᠠᠢ ᠨᠢ ᠴᠣᠮᠪᠤᠨ ᠪᠦᠭᠡᠳ ᠵᠤᠵᠠᠭᠠᠨ ᠪᠡᠬᠢ ᠂ ᠠᠯᠬᠤᠭ᠎ᠠ ᠨᠢ ᠯᠠᠪᠳᠠᠭᠤᠨ ᠮᠦᠷᠳᠡᠭᠡᠨ ᠬᠦᠩᠭᠡᠨ ᠪᠣᠰᠢᠭᠤ ᠂ ᠠᠭᠤᠯᠠᠨ ᠵᠠᠮ ᠳ᠋ᠤ ᠮᠠᠰᠢ ᠰᠠᠶᠢᠨ ᠵᠣᠬᠢᠴᠠᠭᠰᠠᠨ ᠣᠨᠴᠠᠯᠢᠭ ᠲᠠᠢ ᠃ ᠡᠶᠢᠮᠦ ᠬᠡᠯᠪᠡᠷᠢ ᠶ᠋ᠢᠨ ᠠᠳᠤᠭᠤ ᠨᠢ ᠳᠤᠮᠳᠠᠳᠤ ᠤᠯᠤᠰ ᠤᠨ ᠬᠦᠬᠡᠨᠠᠭᠤᠷ ᠲᠦᠪᠡᠳ ᠤᠨ ᠠᠭᠤᠯᠠᠷᠬᠠᠭ ᠣᠷᠤᠨ ᠵᠡᠷᠭᠡ ᠭᠠᠵᠠᠷ ᠣᠷᠤᠨ ᠢᠶᠠᠷ ᠭᠤᠤᠯ ᠲᠠᠷᠬᠠᠵᠦ ᠪᠣᠢ ᠃ ᠦᠪᠦᠷ ᠮᠣᠩᠭᠤᠯ ᠤᠨ ᠬᠡᠰᠢᠭᠳᠡᠨ ᠤ ᠪᠠᠶᠢᠴᠠ ᠶ᠋ᠢᠨ ᠭᠣᠣᠯ ᠵᠡᠷᠭᠡ ᠭᠠᠵᠠᠷ ᠤᠨ ᠠᠳᠤᠭᠤ ᠴᠦ ᠡᠭᠦᠨ ᠳ᠋ᠤ ᠪᠠᠭᠳᠠᠨ᠎ᠠ ᠃

ᠡᠯᠡᠰᠦᠷᠬᠡᠭ ᠣᠷᠤᠨ ᠤ ᠠᠳᠤᠭᠤ
ᠡᠯᠡᠰᠦᠷᠬᠡᠭ ᠣᠷᠤᠨ ᠳ᠋ᠤ ᠨᠤᠳᠤᠭᠰᠢᠭᠰᠠᠨ ᠠᠳᠤᠭᠤ ᠃ ᠭᠠᠩ ᠬᠠᠭᠤᠷᠠᠢ ᠠᠭᠤᠷ ᠠᠮᠢᠰᠬᠤᠯ ᠂ ᠡᠪᠡᠰᠦ ᠤᠰᠤ ᠬᠠᠩᠭᠠᠮᠵᠢ ᠮᠠᠭᠤᠳᠠᠢ ᠡᠯᠡᠰᠦ ᠮᠠᠩᠬᠠᠯᠢᠭ ᠭᠠᠵᠠᠷ ᠲᠤ ᠵᠣᠬᠢᠴᠠᠵᠠᠢ ᠃ ᠡᠶᠢᠮᠦ ᠠᠳᠤᠭᠤᠨ ᠤ ᠪᠡᠶ᠎ᠡ ᠨᠢ ᠪᠠᠭ᠎ᠠ ᠂ ᠴᠡᠪᠡᠷ ᠴᠡᠮᠴᠡᠭᠡᠷ ᠪᠦᠭᠡᠳ ᠴᠣᠪᠤᠭᠤ ᠳᠡᠭᠵᠢᠨ ᠵᠠᠩ ᠲᠠᠢ ᠂ ᠲᠡᠰᠪᠦᠷᠢ ᠳᠠᠭᠠᠭᠠᠮᠠᠭᠠᠢ ᠪᠠᠶᠢᠳᠠᠭ ᠃ ᠲᠤᠭᠤᠷᠠᠢ ᠶ᠋ᠢᠨ ᠲᠠᠪᠠᠭ ᠨᠢ ᠶᠡᠬᠡ ᠠᠯᠬᠤᠭ᠎ᠠ ᠰᠠᠶᠢᠪᠤᠷᠢ ᠲᠠᠢ ᠨᠢ ᠣᠯᠠᠨ ᠃ ᠦᠪᠦᠷ ᠮᠣᠩᠭᠤᠯ ᠤᠨ ᠦᠦᠰᠢᠨ ᠵᠡᠷᠬᠡ ᠡᠯᠡᠰᠦᠷᠬᠡᠭ ᠭᠠᠵᠠᠷ ᠤᠨ ᠠᠳᠤᠭᠤ ᠡᠭᠦᠨ ᠳ᠋ᠤ ᠪᠠᠭᠳᠠᠨ᠎ᠠ ᠃
ᠦᠪᠦᠷ ᠮᠣᠩᠭᠤᠯ ᠤᠨ ᠰᠢᠨᠵᠢᠯᠡᠬᠦ ᠤᠬᠠᠭᠠᠨ ᠲᠸᠩᠨᠢᠭ ᠮᠡᠷᠭᠡᠵᠢᠯ ᠤᠨ ᠬᠡᠪᠯᠡᠯ ᠤᠨ ᠬᠣᠷᠢᠶ᠎ᠠ ᠡᠴᠡ ᠬᠡᠪᠯᠡᠭᠰᠡᠨ
       ᠮᠣᠩᠭᠤᠯ ᠵᠠᠩ ᠦᠢᠯᠡ ᠶ᠋ᠢᠨ ᠨᠡᠪᠳᠡᠷᠬᠡᠢ ᠲᠣᠯᠢ  ᠠᠵᠦ ᠠᠬᠤᠢ ᠶ᠋ᠢᠨ ᠪᠣᠳᠢ ᠡᠴᠡ ᠠᠪᠤᠪᠠ



  
     
     