-
85717
ᠡᠮᠦᠨᠡᠭᠤᠪᠢ ᠠᠢᠮᠠᠭ ᠤᠨ ᠭᠤᠷᠪᠡᠨ ᠲᠡᠰ ᠰᠤᠮᠤ ᠵᠢᠨ ᠪᠠᠶᠠᠰᠬᠤ ᠪᠠᠭ ᠤᠨ ᠨᠤᠳᠤᠭ ᠲᠡᠪᠢᠰᠭᠡᠷ ᠠᠭᠤᠯᠠ ᠠᠭᠤᠷᠬᠠᠢ ᠵᠢᠨ ᠨᠦᠯᠦᠭᠡᠨ ᠳᠦ ᠠ
2016-08-18 16:33
697
0
ᠪᠠᠲᠤᠪᠠᠭᠠᠲᠤᠷ
08 18᠂ 2016
ᠡᠮᠦᠨᠡᠭᠤᠪᠢ ᠠᠢᠮᠠᠭ ᠤᠨ ᠭᠤᠷᠪᠡᠨ ᠲᠡᠰ ᠰᠤᠮᠤ ᠵᠢᠨ ᠪᠠᠶᠠᠰᠬᠤ ᠪᠠᠭ ᠤᠨ ᠨᠤᠳᠤᠭ ᠲᠡᠪᠢᠰᠭᠡᠷ ᠠᠭᠤᠯᠠ ᠠᠭᠤᠷᠬᠠᠢ ᠵᠢᠨ ᠨᠦᠯᠦᠭᠡᠨ ᠳᠦ ᠠᠪᠳᠠᠵᠠᠢ
ᠮᠣᠩᠭᠣᠯ ᠳᠤ ᠲᠡᠳᠦᠢ ᠦᠭᠡᠢ ᠳᠡᠯᠡᠬᠡᠢ ᠳᠦ ᠭᠠᠭᠴᠠᠬᠠᠨ ᠲᠥᠷᠥᠯ ᠴᠣᠬᠣᠷ ᠢᠷᠪᠡᠭᠰᠡᠨ ᠦ ᠥᠯᠥᠭᠡᠢ ᠨᠤᠲᠤᠭ ᠡᠮᠦᠨᠡᠭᠣᠪᠢ ᠠᠶᠢᠮᠠᠭ ᠤᠨ ᠭᠤᠷᠪᠠᠨ ᠲᠡᠰ ᠰᠤᠮᠤ ᠶᠢᠨ ᠮᠠᠯᠴᠢᠳ ᠢᠷᠡᠬᠦ ᠡᠪᠦᠯ ᠪᠠᠭᠤᠬᠤ ᠡᠪᠦᠯᠵᠢᠶ᠎ᠡ ᠦᠭᠡᠢ ᠪᠣᠯᠤᠭᠰᠠᠨ ᠲᠤᠬᠠᠢ ᠶᠢ ᠪᠠᠨ ᠣᠨᠴᠠᠯᠠᠵᠤ ᠪᠠᠶᠢᠨ᠎ᠠ᠃ ᠭᠤᠷᠪᠠᠨ ᠲᠡᠰ ᠰᠤᠮᠤ ᠶᠢᠨ ᠪᠠᠶᠠᠰᠬᠤ ᠪᠠᠭ ᠤᠨ ᠨᠤᠲᠤᠭ ᠳᠡᠪᠢᠰᠬᠡᠷ ᠲᠦ ᠨᠡᠭᠦᠷᠡᠰᠦᠨ ᠦ ᠬᠠᠶᠢᠭᠤᠯ ᠬᠢᠬᠦ ᠪᠡᠷ ᠬᠠᠶᠢᠷᠬᠠᠨ ᠲᠣᠯᠣᠭᠠᠢ ᠺᠣᠮᠫᠠᠨᠢ 2009 ᠣᠨ ᠠᠴᠠ ᠵᠥᠪᠰᠢᠶᠡᠷᠡᠯ ᠲᠡᠢ ᠬᠡᠮᠡᠨ ᠳᠠᠨᠠᠶᠢᠵᠤ ᠬᠤᠯᠬᠢ ᠬᠠᠭᠤᠷᠮᠠᠴᠢ ᠨᠢ ᠮᠡᠳᠡᠭᠳᠡᠬᠦ ᠦᠭᠡᠢ ᠴᠠᠭᠠᠰᠤ ᠦᠵᠡᠭᠦᠯᠦᠨ ᠨᠤᠲᠤᠭ ᠣᠷᠣᠨ ᠢ ᠰᠦᠢᠳᠭᠡᠬᠦ ᠠᠵᠢᠯ ᠢᠶᠠᠨ ᠡᠬᠢᠯᠡᠭᠦᠯᠵᠡᠢ᠃ ᠬᠠᠷᠢᠨ 2013 ᠣᠨ ᠳᠤ ᠬᠠᠶᠢᠷᠬᠠᠨ ᠲᠣᠯᠣᠭᠠᠢ ᠺᠣᠮᠫᠠᠨᠢ ᠶᠢᠨ ᠦᠵᠡᠭᠦᠯᠦᠭᠡᠳ ᠪᠠᠶᠢᠭᠰᠠᠨ ᠯᠢᠼᠧᠨᠽ ᠬᠠᠤᠯᠢ ᠪᠤᠰᠤ ᠪᠣᠯᠬᠤ ᠨᠢ ᠰᠢᠭᠦᠬᠦ ᠪᠡᠷ ᠲᠣᠭᠲᠠᠭᠠᠭᠳᠠᠵᠤ᠂ ᠬᠦᠴᠦᠨ ᠦᠭᠡᠢ ᠪᠣᠯᠭᠠᠭᠰᠠᠨ ᠪᠠᠶᠢᠨ᠎ᠠ᠃ ᠭᠡᠪᠡᠴᠦ 2015 ᠣᠨ ᠠᠴᠠ ᠬᠣᠶᠢᠰᠢ ᠳᠠᠬᠢᠨ ᠯᠢᠼᠧᠨᠽ ᠡᠴᠡ ᠰᠡᠷᠭᠦᠭᠡᠨ ᠬᠠᠶᠢᠭᠤᠯ ᠤᠨ ᠠᠵᠢᠯ ᠡᠬᠢᠯᠡᠭᠦᠯᠦᠭᠰᠡᠨ ᠨᠢ ᠮᠠᠯᠴᠢᠳ ᠢ ᠮᠠᠯ ᠢᠶᠠᠨ ᠢᠳᠡᠭᠡᠰᠢᠭᠦᠯᠬᠦ ᠪᠡᠯᠴᠢᠭᠡᠷ ᠦᠭᠡᠢ ᠪᠣᠯᠭᠠᠬᠤ ᠳᠤ ᠬᠦᠷᠭᠡᠭᠰᠡᠨ ᠪᠠᠶᠢᠨ᠎ᠠ᠃
ᠨᠢᠭᠡᠨᠲᠡ ᠰᠢᠭᠦᠬᠦ ᠡᠴᠡ ᠬᠠᠤᠯᠢ ᠪᠤᠰᠤ ᠪᠠᠷ ᠣᠯᠭᠣᠭᠳᠠᠭᠰᠠᠨ ᠬᠡᠮᠡᠨ ᠦᠵᠡᠵᠦ 20 ᠲᠡᠷᠪᠤᠮ ᠲᠥᠭᠥᠷᠢᠭ ᠦᠨ ᠨᠥᠬᠥᠨ ᠣᠯᠭᠣᠪᠤᠷᠢ ᠤᠯᠭᠤᠬᠤ ᠰᠢᠢᠳᠪᠦᠷᠢ ᠭᠠᠷᠤᠭᠰᠠᠨ ᠪᠠᠶᠢᠲᠠᠯ᠎ᠠ ᠥᠩᠭᠡᠷᠡᠭᠰᠡᠨ ᠣᠨ ᠳᠤ ᠳᠠᠬᠢᠨ ᠬᠠᠶᠢᠭᠤᠯ ᠤᠨ ᠵᠥᠪᠰᠢᠶᠡᠷᠡᠯ ᠣᠯᠭᠤᠭᠰᠠᠨ ᠨᠢ ᠶᠠᠮᠠᠷ ᠨᠢᠭᠡᠨ ᠠᠰᠢᠭ ᠰᠣᠨᠢᠷᠬᠠᠯ ᠤᠨ ᠵᠥᠷᠢᠴᠡᠯ ᠲᠡᠢ ᠭᠡᠵᠦ ᠨᠤᠲᠤᠭ ᠤᠨ ᠢᠷᠭᠡᠳ ᠦᠵᠡᠵᠦ ᠪᠠᠶᠢᠭ᠎ᠠ ᠶᠤᠮ ᠪᠠᠶᠢᠨ᠎ᠠ᠃ ᠬᠢᠲᠠᠳ ᠤᠨ 100 ᠬᠤᠪᠢ ᠵᠢᠨ ᠬᠥᠷᠥᠩᠭᠡ ᠣᠷᠣᠭᠤᠯᠤᠯᠲᠠ ᠲᠠᠢ ᠡᠨᠡ ᠺᠣᠮᠫᠠᠨᠢ ᠶᠢᠨ ᠪᠠᠯᠠᠭ ᠢᠶᠠᠷ ᠪᠡᠯᠴᠢᠭᠡᠷ ᠨᠤᠲᠤᠭ ᠰᠦᠢᠳᠡᠵᠦ᠂ ᠬᠦᠮᠦᠨ ᠠᠷᠠᠳ ᠤᠨ ᠡᠷᠡᠭᠦᠯ ᠮᠡᠨᠳᠦ ᠬᠣᠬᠢᠷᠠᠭᠠᠳ ᠵᠣᠭᠰᠣᠬᠤ ᠦᠭᠡᠢ ᠲᠤᠬᠠᠢ ᠶᠢᠨ ᠪᠥᠰᠡ ᠳᠦ ᠢᠳᠡᠭᠡᠰᠢᠳᠡᠭ ᠢᠷᠪᠢᠰ᠂ ᠠᠷᠭᠠᠯ᠂ ᠶᠠᠩᠭᠢᠷ᠂ ᠡᠮ ᠦᠨ ᠤᠷᠭᠤᠮᠠᠯ ᠤᠳ ᠰᠦᠢᠳᠦᠬᠦ ᠠᠶᠤᠯ ᠳᠤ ᠬᠦᠷᠦᠭᠡᠳ ᠪᠠᠶᠢᠭ᠎ᠠ ᠶᠢ ᠤᠴᠢᠷᠯᠠᠯ᠎ᠠ᠃
ᠡᠭᠦᠨ ᠡᠴᠡ ᠭᠠᠳᠠᠨ᠎ᠠ ᠭᠤᠷᠪᠠᠨ ᠲᠡᠰ ᠰᠤᠮᠤ ᠶᠢᠨ ᠪᠠᠶᠠᠰᠬᠤ ᠪᠠᠭ ᠲᠤ 《ᠰᠢᠰᠣᠪᠢ ᠰᠡᠨᠳᠡᠰ》 ХХК ᠍ ᠳᠦ 2011 ᠣᠨ ᠳᠤ ᠣᠯᠭᠤᠭᠰᠠᠨ ᠠᠰᠢᠭᠯᠠᠯᠲᠠ ᠶᠢᠨ ᠲᠤᠰᠬᠠᠢ ᠵᠥᠪᠰᠢᠶᠡᠷᠡᠯ ᠦᠨ 10 ᠭᠠᠷᠤᠢ ᠮᠢᠩᠭᠠᠨ ᠭᠠ ᠲᠠᠯᠠᠪᠠᠢ ᠳᠤ 20 ᠣᠷᠴᠢᠮ ᠪᠤᠯᠠᠭ᠂ ᠱᠠᠩᠳᠠ ᠪᠠᠶᠢᠳᠠᠭ ᠰᠢᠷᠭᠢᠬᠦ᠂ 40 ᠣᠷᠴᠢᠮ ᠡᠷᠦᠬᠡ ᠶᠢᠨ 13 ᠮᠢᠩᠭ᠎ᠠ ᠣᠷᠴᠢᠮ ᠲᠣᠯᠣᠭᠠᠢ ᠮᠠᠯ ᠪᠡᠯᠴᠢᠭᠡᠷ ᠦᠭᠡᠢᠳᠦᠬᠦ ᠡᠷᠦᠰᠳᠡᠯ ᠪᠠᠶᠢᠭ᠎ᠠ ᠶᠤᠮ ᠪᠠᠶᠢᠨ᠎ᠠ᠃ ᠮᠥᠨ ᠪᠠᠶᠠᠰᠬᠤ ᠪᠠᠭ ᠤᠨ 18 ᠺᠢᠯᠣᠮᠧᠲ᠋ᠷ ᠦᠨ ᠵᠠᠢ ᠳᠤ ᠪᠠᠰᠠ ᠠᠭᠤᠯᠠ ᠠᠭᠤᠷᠬᠠᠢ ᠶᠢᠨ ᠬᠠᠶᠢᠭᠤᠯ᠂ ᠣᠯᠪᠤᠷᠢᠯᠠᠯᠲᠠ ᠶᠢᠨ ᠵᠥᠪᠰᠢᠶᠡᠷᠡᠯ ᠣᠯᠭᠣᠭᠳᠠᠵᠠᠢ᠃ ᠲᠡᠶᠢᠮᠦ ᠡᠴᠡ ᠡᠨᠡ ᠭᠤᠷᠪᠠᠨ ᠲᠡᠰ ᠰᠤᠮᠤ ᠪᠦᠬᠦᠯᠢ ᠳᠦ ᠪᠡᠨ ᠠᠭᠤᠷ ᠠᠭᠤᠷᠬᠠᠢ ᠶᠢᠨ ᠨᠥᠯᠦᠭᠡᠨ ᠳᠦ ᠠᠪᠲᠠᠬᠤ ᠡᠷᠦᠰᠳᠡᠯ ᠳᠦ ᠣᠷᠣᠭᠰᠠᠨ ᠤᠴᠢᠷ ᠠᠴᠠ ᠳᠡᠭᠡᠳᠦ ᠱᠠᠲᠤᠨ ᠤ ᠪᠠᠶᠢᠭᠤᠯᠤᠯᠭ᠎ᠠ᠂ ᠲᠥᠷᠥ ᠵᠠᠰᠠᠭ ᠤᠨ ᠡᠨᠡ ᠠᠰᠠᠭᠤᠳᠠᠯ ᠳᠤ ᠠᠩᠬᠠᠷᠤᠯ ᠢᠶᠠᠨ ᠬᠠᠨᠳᠤᠭᠤᠯᠵᠤ ᠥᠭᠬᠦ ᠶᠢ ᠤᠷᠢᠶᠠᠯᠠᠵᠤ 700 ᠭᠠᠷᠤᠢ ᠺᠢᠯᠦᠮᠧ᠋ᠲᠷ ᠦᠨ ᠴᠠᠭᠠᠨ᠎ᠠ ᠠᠴᠠ ᠨᠤᠲᠤᠭ ᠤᠨ ᠢᠷᠭᠡᠳ ᠢᠷᠡᠵᠦ ᠡᠶᠢᠨᠬᠦᠦ ᠬᠡᠪᠯᠡᠯ ᠦᠨ ᠬᠤᠷᠠᠯ ᠢᠶᠠᠷ ᠳᠠᠮᠵᠢᠭᠤᠯᠤᠨ ᠳᠠᠭᠤ ᠬᠣᠭᠣᠯᠠᠢ ᠶᠢ ᠪᠠᠨ ᠬᠦᠷᠭᠡᠬᠦ ᠪᠡᠷ ᠬᠦᠷᠦᠯᠴᠡᠨ ᠢᠷᠡᠵᠡᠢ᠃