-
59036
2024-09-23 08:41
8
0
-
2017 2017 2020
1986
ᠭᠦᠸ᠋ᠸ
- 500
2 6 10
8
- ᠡᠬᠢᠯᠠᠵᠤ ᠵᠤ᠋
1992 3 ᠦᠭᠬᠦᠨ 1993
2000 2000 ᠮᠸᠲᠷ 3 ᠦᠭᠬᠦᠨ 2002 8
2011 3 3
2013 ᠰᠠᠶᠢᠵᠢᠷᠠᠭᠤᠯᠪᠠ
2015 7000 1 3000 4
ᠲᠠᠷᠠᠭ᠎ᠠ 2017 4 ᠠᠡᠭᠬᠢ 3
ᠵᠤ᠋ 71 60 55 ᠲᠠᠬᠦᠰᠬᠡᠪᠠ ᠃
-
-
73 1980 1986 2500 6000 ᠭᠡᠷ ᠪᠠᠶᠢᠯ᠎ᠠ ᠃
- ᠲᠠ ᠠᠰᠠᠷ ᠲᠤ ᠰᠠᠭᠤᠪᠠᠯ ᠶᠠᠭᠠᠬᠢᠯ᠎ᠠ ᠭᠡᠳ ᠡᠨᠡ ᠪᠠᠶᠢᠰᠢᠡᠭ ᠭᠡᠷ ᠡᠴᠡ ᠴᠢᠨᠢ ᠲᠤᠯᠠᠭᠠᠨ ᠲᠠᠭᠠᠯᠠᠮᠵᠢᠲᠠᠢ ᠪᠢᠰᠢᠦ ᠬᠡᠵᠦ ᠹᠸᠡᠭ ᠬᠠᠢ ᠵᠢᠨ ᠬᠡᠷᠭᠡᠢ ᠪᠠᠢ ᠷᠦᠢ ᠴᠢᠨ ᠡᠴᠡ ᠠᠰᠠᠭᠤᠬᠤ ᠳᠦ ᠂ ᠲᠡᠷᠡ ᠄
- ᠲᠡᠷᠡ ᠵᠢᠯ ᠠᠰᠠᠷ ᠠᠪᠤᠶ᠎ᠠ ᠬᠡᠵᠦ ᠪᠠᠶᠢᠭᠰᠠᠨ ᠵᠤᠭᠤᠰ ᠵᠢᠡᠨ ᠵᠠᠷᠤᠴᠠᠭᠤᠯᠵᠦ ᠪᠠᠶᠢᠭᠠᠳ ᠯᠢ ᠤᠪᠤᠭᠲᠦ ᠵᠢᠨ ᠠᠬ᠎ᠠ ᠲᠡᠭᠦᠦ ᠭᠤᠷᠪᠠᠭᠤᠯᠠ ᠳ᠋ᠤ ᠰᠠᠭᠤᠬᠤ ᠬᠡᠷ ᠪᠠᠶᠢᠭᠤᠯᠤᠭᠠᠳ ᠦᠭᠴᠢᠭᠡᠵᠡᠢ ᠃ ᠲᠠᠬᠢᠭᠠᠳ ᠵᠤᠭᠤᠰ ᠴᠤᠭᠯᠠᠭᠤᠯᠤᠨ ᠠᠰᠠᠷ ᠠᠪᠤᠶᠡ ᠭᠡᠰᠡᠨ ᠴᠢᠨᠢ ᠡᠪᠡᠳᠴᠢᠨ ᠡᠮᠬᠡᠭ ᠲᠤ ᠨᠡᠷᠪᠡᠭᠳᠡᠭᠡᠳ ᠪᠠᠭ᠎ᠠ ᠪᠤᠰᠤ ᠵᠤᠭᠤᠰ ᠮᠦᠡᠭᠭᠦ ᠵᠠᠷᠤᠴᠠᠭᠤᠯᠴᠢᠬᠠᠯᠠ ᠃ ᠰᠠᠭᠤᠬᠤ ᠭᠡᠷ ᠴᠤ ᠶᠠᠭᠠᠬᠢᠬᠤᠪ ᠳ᠋ᠠ ᠂ ᠪᠡᠶ᠎ᠡ ᠡᠷᠡᠭᠦᠯ ᠂ ᠬᠡᠷ ᠵᠠᠭᠤᠷ᠎ᠠ ᠪᠠᠨ ᠡᠶ᠎ᠡ ᠡᠪᠲᠡᠢ ᠪᠠᠶᠢᠪᠠᠯ ᠲᠡᠷᠡ ᠴᠢᠨᠢ ᠮᠠᠨ ᠳᠤ ᠪᠠᠨ ᠬᠠᠮᠦᠬ ᠤᠨ ᠶᠡᠭᠡ ᠵᠢᠷᠭᠠᠯ ᠶᠤᠮ ᠰᠢᠦ ᠬᠡᠵᠦ ᠶᠠᠷᠢᠵᠦ ᠪᠠᠶᠢᠯ᠎ᠠ ᠃
1998 ᠤᠨ ᠳᠦ ᠂ ᠹᠸᠡᠭ ᠬᠠᠢ ᠲᠤᠮᠳᠠ ᠴᠢᠮᠦᠬᠡᠨ ᠪᠤᠯᠦ ᠵᠢᠨ ᠶᠠᠰᠤ ᠦᠬᠦᠰᠢᠷᠡᠬᠦ ᠡᠪᠡᠳᠴᠢᠨ ᠤᠯᠵᠦ ᠤᠯᠠᠨ ᠭᠠᠵᠠᠷ ᠤᠴᠢᠵᠦ ᠡᠮᠨᠡᠭᠦᠯᠦᠭᠰᠡᠨ ᠪᠤᠯᠪᠠᠴᠤ ᠪᠠᠷᠠᠭᠤᠨ ᠬᠦᠯ ᠨᠢ ᠵᠡᠮᠳᠡᠭ ᠪᠤᠯᠪᠠ ᠃ ᠮᠦᠨ ᠲᠤᠰ ᠵᠢᠯ ᠬᠡᠷᠭᠡᠢ ᠪᠠᠢ ᠷᠦᠢ ᠴᠢᠨ ᠨᠢ ᠴᠤ ᠬᠦᠬᠦᠨ ᠦᠮᠡᠨ ᠤᠯᠵᠦ ᠤᠳᠠᠭᠠᠨ ᠬᠤᠭᠤᠴᠠᠭ᠎ᠠ ᠡᠮᠨᠡᠬᠦᠯᠵᠦ ᠪᠠᠶᠢᠭᠠᠳ ᠰᠠᠶ᠋ᠢ ᠢᠯᠡᠷᠢᠰᠢᠬᠦᠯᠵᠦ ᠠᠪᠴᠠᠢ ᠃ ᠲᠡᠳᠡ ᠡᠷ᠎ᠡ ᠡᠮ᠎ᠡ ᠬᠤᠶᠠᠭᠤᠯᠠ ᠪᠠᠨ ᠡᠪᠡᠳᠴᠢᠨ ᠡᠮᠭᠡᠭ ᠤᠯᠤᠭᠰᠠᠨ ᠴᠤ ᠯᠢ ᠤᠪᠤᠭᠲᠦ ᠵᠢᠨ ᠠᠬ᠎ᠠ ᠲᠡᠭᠦᠦ ᠭᠤᠷᠪᠠᠭᠤᠯᠠ ᠵᠢ ᠲᠡᠳᠭᠦᠵᠦ ᠲᠡᠮᠵᠢᠬᠦ ᠪᠠᠨ ᠵᠤᠭᠰᠤᠭᠰᠠᠨ ᠦᠭᠡᠢ ᠃
ᠹᠸᠡᠭ ᠬᠠᠢ ᠠᠵᠢᠯ ᠤᠨ ᠪᠠᠶᠢᠷᠢ ᠡᠴᠡ ᠪᠠᠨ ᠪᠠᠭᠤᠭᠰᠠᠨ ᠦ ᠲᠠᠷᠠᠭ᠎ᠠ ᠂ ᠠᠵᠢᠯ ᠭᠤᠯᠤᠯ ᠦᠭᠡᠢ ᠬᠢᠵᠦ ᠤᠷᠤᠯᠭ᠎ᠠ ᠪᠠᠨ ᠨᠡᠮᠡᠭᠳᠡᠬᠦᠯᠵᠦ ᠂ ᠬᠡᠷ ᠪᠦᠯᠢ ᠪᠠᠨ ᠵᠢᠷᠭᠠᠯᠲᠠᠢ ᠠᠪᠴᠦ ᠶᠠᠪᠤᠬᠤ ᠵᠢᠨ ᠬᠠᠮᠲᠦ ᠯᠢ ᠤᠪᠤᠭᠲᠦ ᠵᠢᠨ ᠠᠬ᠎ᠠ ᠲᠡᠭᠦᠦ ᠭᠤᠷᠪᠠᠭᠤᠯᠠ ᠵᠢᠨ ᠠᠵᠢᠯ ᠬᠢᠬᠦ ᠳᠤ ᠴᠤ ᠲᠠᠭᠠᠭᠤᠯᠤᠭᠴᠢ ᠵᠢᠨ ᠦᠢᠯᠡᠳᠦᠯ ᠦᠵᠡᠭᠦᠯᠵᠡᠢ ᠃
ᠲᠡᠭᠦᠨ ᠦ ᠡᠶᠢᠮᠦᠷᠭᠦᠦ ᠠᠵᠢᠯ ᠳᠤ ᠪᠠᠨ ᠭᠠᠷᠮᠠᠭᠠᠢ ᠂ ᠠᠮᠢᠳᠤᠷᠠᠯ ᠳᠤ ᠪᠠᠨ ᠪᠤᠷᠤᠭᠵᠢᠭᠤᠨ ᠂ ᠪᠤᠰᠤᠳ ᠢ ᠲᠤᠰᠠᠯᠠᠬᠤ ᠪᠡᠷ ᠵᠢᠷᠭᠠᠯ ᠵᠢᠡᠨ ᠪᠤᠯᠭᠠᠳᠠᠭ ᠵᠠᠡᠭ ᠴᠢᠨᠠᠷ ᠨᠢ ᠬᠡᠤᠬᠡᠳ ᠲᠤ ᠪᠠᠨ ᠴᠤ ᠶᠡᠭᠡ ᠰᠠᠶᠢᠨ ᠲᠠᠭᠤᠷᠢᠶᠠᠯ ᠪᠤᠯᠤᠭᠰᠠᠨ ᠶᠤᠮ ᠃ ᠲᠡᠳᠡᠨ ᠦ ᠭᠤᠷᠪᠠᠨ ᠦᠬᠢᠨ ᠲᠠᠢ ᠃ ᠭᠤᠷᠪᠠᠨ ᠦᠬᠢᠨ ᠨᠢ ᠪᠦᠷ ᠶᠡᠭᠡ ᠰᠤᠷᠭᠠᠭᠤᠯᠢ ᠲᠡᠭᠦᠰᠴᠦ ᠠᠶᠢᠯ ᠬᠡᠷ ᠪᠠᠶᠢᠭᠤᠯᠵᠠᠢ ᠃ ᠶᠡᠭᠡ ᠦᠬᠢᠨ ᠨᠢ ᠪᠡᠬᠡᠵᠢᠡᠭ ᠬᠤᠳᠠ ᠳᠦ ᠬᠠᠤᠯᠢᠴᠢ ᠵᠢᠨ ᠠᠵᠢᠯ ᠬᠢᠵᠦ ᠂ ᠬᠤᠶᠠᠳᠤᠭᠠᠷ ᠦᠬᠢᠨ ᠨᠢ ᠬᠦᠭᠡᠬᠤᠳᠡ ᠵᠢᠨ ᠨᠢᠬᠡᠨ ᠤᠯᠤᠰ ᠤᠨ ᠦᠮᠴᠢᠯᠡᠯᠲᠦ ᠠᠵᠦ ᠠᠬᠤᠶᠢᠯᠠᠯ ᠳᠦ ᠠᠵᠢᠯᠯᠠᠵᠦ ᠂ ᠬᠠᠮᠦᠬ ᠤᠨ ᠪᠠᠭ᠎ᠠ ᠦᠬᠢᠨ ᠨᠢ ᠲᠤᠮᠳᠠᠲᠦ ᠬᠤᠰᠢᠭᠤᠨ ᠦ ᠨᠢᠭᠡᠨ ᠰᠤᠷᠭᠠᠭᠤᠯᠢ ᠳᠤ ᠪᠠᠭᠰᠢ ᠵᠢᠨ ᠠᠵᠢᠯ ᠲᠠᠢ ᠪᠠᠶᠢᠵᠦ ᠦᠭᠡᠲᠡ ᠡᠰᠡᠷᠡᠭ ᠠᠮᠢᠳᠤᠷᠠᠵᠦ ᠪᠠᠶᠢᠳᠠᠭ ᠃
ᠲᠠᠰᠤᠷᠠᠰᠢ ᠦᠭᠡᠢ ᠬᠠᠶᠢᠷ᠎ᠠ ᠵᠢᠨ ᠪᠤᠤᠬᠢᠶ᠎ᠡ
- ᠪᠢᠳᠡ ᠲᠤᠮᠦ ᠪᠤᠯᠤᠭᠰᠠᠨ ᠦ ᠲᠠᠷᠠᠭ᠎ᠠ ᠪᠠᠰᠠ ᠠᠪᠤ ᠲᠠᠢ ᠪᠠᠨ ᠠᠳᠠᠯᠢᠬᠠᠨ ᠪᠤᠰᠤᠳ ᠢ ᠲᠤᠰᠠᠯᠠᠵᠦ ᠪᠤᠶᠠᠨ ᠦ ᠦᠢᠯᠡᠰ ᠲᠤ ᠵᠢᠳᠭᠦᠨ᠎ᠡ ᠂᠂᠂᠂
ᠹᠸᠡᠭ ᠬᠠᠢ ᠵᠢᠨ ᠬᠡᠤᠬᠡᠳ ᠨᠢ ᠲᠡᠭᠦᠨ ᠦ ᠤᠬᠠᠭᠠᠨ ᠲᠤᠳᠠᠮᠠᠬ ᠠᠬ᠎ᠠ ᠲᠡᠭᠦᠦ ᠭᠤᠷᠪᠠᠭᠤᠯᠠ ᠵᠢ ᠦᠪᠡᠷ ᠤᠨ ᠲᠦᠷᠦᠭᠰᠡᠨ ᠲᠡᠬᠦᠦ ᠨᠠᠷ ᠵᠢᠡᠨ ᠰᠢᠭ ᠲᠡᠳᠭᠦᠵᠦ ᠪᠠᠶᠢᠬᠤ ᠵᠢ ᠦᠵᠡᠭᠡᠳ ᠪᠠᠭ᠎ᠠ ᠨᠠᠰᠤᠨ ᠡᠴᠡ ᠪᠠᠨ ᠡᠬᠢᠯᠡᠨ ᠡᠶᠢᠮᠦᠷᠭᠦᠦ ᠪᠤᠳᠤᠯ ᠤᠷᠤᠵᠦ ᠪᠠᠶᠢᠵᠠᠢ ᠃ ᠡᠨᠡ ᠨᠢ ᠲᠡᠭᠦᠨ ᠦ ᠶᠡᠭᠡ ᠬᠡᠤᠬᠡᠨ ᠬᠤᠡᠭ ᠨᠢ ᠠᠵᠢᠯ ᠳᠦ ᠪᠠᠨ ᠵᠤᠬᠢᠬᠤ ᠠᠮᠵᠢᠯᠳᠠ ᠭᠠᠷᠭᠠᠬᠤ ᠲᠠᠢ ᠵᠡᠷᠭᠡ ᠶᠠᠳᠠᠭᠤ ᠬᠦᠴᠢᠷᠲᠡᠢ ᠰᠤᠷᠤᠭᠴᠢᠳ ᠢ ᠲᠤᠰᠠᠯᠠᠭᠰᠠᠨ ᠪᠤᠲᠠᠲᠠᠢ ᠠᠵᠢᠯᠯᠠᠭ᠎ᠠ ᠪᠡᠷ ᠢᠯᠡᠷᠡᠭᠰᠡᠨ ᠶᠤᠮ ᠃
ᠪᠤᠰᠤᠳ ᠢ ᠲᠤᠰᠠᠯᠠᠬᠤ ᠪᠡᠷ ᠵᠢᠷᠭᠠᠯ ᠵᠢᠡᠨ ᠪᠤᠯᠭᠠᠳᠠᠭ ᠶᠡᠭᠡ ᠬᠠᠶᠢᠷ᠎ᠠ ᠵᠢᠨ ᠪᠤᠤᠬᠢᠶ᠎ᠡ ᠢᠡᠭᠭᠢᠵᠦ ᠲᠠᠰᠤᠷᠠᠰᠢ ᠦᠭᠡᠢ ᠦᠷᠬᠦᠯᠵᠢᠯᠡᠭᠰᠡᠨ ᠠᠵᠢ ᠃
2013 ᠤᠨ ᠦ 12 ᠰᠠᠷ᠎ᠠ ᠳᠦ ᠬᠦᠸ᠋ᠸ ᠹᠸᠡᠭ ᠬᠠᠢ ᠬᠠᠤᠯᠢ ᠴᠠᠭᠠᠵᠠ ᠵᠢᠨ ᠶᠠᠮᠤᠨ ᠪᠠ ᠪᠦᠬᠦ ᠤᠯᠤᠰ ᠦᠨ ᠬᠠᠤᠯᠢᠴᠢ ᠵᠢᠨ ᠨᠡᠶᠢᠭᠡᠮᠯᠢᠭ ᠤᠨ ᠵᠤᠬᠢᠶᠠᠨ ᠪᠠᠶᠢᠭᠤᠯᠤᠭᠰᠠᠨ ︽ᠰᠠᠶᠢᠨ ᠲᠤᠷᠠᠴᠤᠤᠯ ᠤᠨ ᠬᠠᠤᠯᠢᠴᠢ ᠵᠢ ᠬᠦᠬᠡᠨᠠᠭᠤᠷ ᠂ ᠲᠦᠪᠡᠳ ᠤᠨ ᠤᠷᠤᠨ ᠵᠢᠡᠷ ᠤᠴᠢᠭᠤᠯᠵᠦ ᠬᠠᠤᠯᠢᠴᠢ ᠬᠦᠷᠴᠦ ᠦᠵᠡᠭᠡ ᠦᠭᠡᠢ ᠰᠢᠶᠠᠨ ᠳᠤ ᠬᠠᠤᠯᠢ ᠴᠠᠭᠠᠵᠠ ᠵᠢᠨ ᠬᠠᠪᠰᠤᠷᠦᠮᠵᠢ ᠦᠵᠡᠭᠦᠯᠭᠦ ︾ ᠠᠵᠢᠯᠯᠠᠭ᠎ᠠ ᠳ᠋ᠤ ᠤᠷᠤᠯᠴᠠᠵᠠᠢ ᠃ ᠬᠤᠡᠭ ᠤᠨ ᠲᠤᠰᠠᠯᠠᠮᠵᠢ ᠦᠵᠡᠭᠦᠯᠭᠦ ᠰᠢᠶᠠᠨ ᠨᠢ ᠲᠦᠪᠡᠳ ᠤᠨ ᠦᠪᠡᠷᠲᠡᠬᠡᠨ ᠵᠠᠰᠠᠬᠤ ᠤᠷᠤᠨ ᠦ ᠴᠢᠶᠦ᠋ᠡᠭ ᠵᠢᠶᠸ ᠰᠢᠶᠠᠨ ᠪᠤᠯᠤᠨ᠎ᠡ ᠃ ᠲᠤᠰ ᠰᠢᠶᠠᠨ ᠲᠠᠯᠠᠢ ᠵᠢᠨ ᠲᠦᠪᠰᠢᠨ ᠡᠴᠡ ᠲᠡᠭᠡᠭᠰᠢ 3900 ᠮᠸᠲᠷ ᠡᠷᠭᠦᠭᠳᠡᠵᠦ ᠂ ᠬᠦᠮᠦᠨ ᠠᠮᠠ ᠨᠢ 2 ᠲᠦᠮᠡ ᠳᠦ ᠬᠦᠷᠭᠦ ᠦᠬᠡᠢ ᠪᠠᠶᠢᠵᠦ ᠬᠤᠡᠭ ᠢ ᠤᠴᠢᠬᠤ ᠡᠴᠡ ᠡᠮᠦᠨ᠎ᠡ ᠨᠢᠭᠡ ᠬᠠᠤᠯᠢᠴᠢ ᠴᠤ ᠬᠦᠷᠴᠦ ᠦᠡᠭᠭᠡᠷᠡᠭᠰᠡᠨ ᠦᠭᠡᠢ ᠭᠠᠵᠠᠷ ᠪᠠᠶᠢᠯ᠎ᠠ ᠃
ᠲᠡᠷᠡ ᠴᠢᠶᠦ᠋ᠡᠭ ᠵᠢᠶᠸ ᠰᠢᠶᠠᠨ ᠳᠦ ᠬᠦᠷᠦᠭᠰᠡᠨ ᠳᠦ ᠲᠠᠷᠠᠭ᠎ᠠ ᠂ ᠨᠢᠭᠡ ᠲᠠᠯ᠎ᠠ ᠪᠡᠷ ᠠᠭᠤᠷ ᠠᠮᠢᠰᠬᠤᠯ ᠤᠨ ᠬᠠᠷᠰᠢᠯ ᠢ ᠲᠡᠰᠪᠤᠷᠢᠯᠡᠵᠦ ᠂ ᠨᠦᠬᠦᠭᠡ ᠲᠠᠯ᠎ᠠ ᠪᠡᠷ ᠬᠠᠤᠯᠢ ᠴᠠᠭᠠᠵᠠ ᠵᠢᠨ ᠬᠠᠪᠰᠤᠷᠤᠮᠵᠢ ᠦᠵᠡᠭᠦᠯᠭᠦ ᠠᠵᠢᠯ ᠦᠷᠨᠢᠭᠦᠯᠵᠠᠢ ᠃ ᠮᠠᠯᠵᠢᠯ ᠤᠨ ᠲᠠᠯᠠᠪᠠᠢ ᠂ ᠲᠠᠷᠢᠶᠠᠨ ᠦᠵᠦᠭᠦᠷ ᠂ ᠪᠠᠶᠢᠭᠤᠯᠭ᠎ᠠ ᠂ ᠰᠤᠷᠭᠠᠭᠤᠯᠢ ᠪᠡᠷ ᠬᠦᠷᠴᠦ ᠂ ᠬᠠᠤᠯᠢ ᠴᠠᠭᠠᠵᠠ ᠵᠢᠨ ᠤᠬᠠᠭᠤᠯᠭ᠎ᠠ ᠬᠢᠵᠦ ᠂ ᠲᠦᠪᠡᠳ ᠦᠨᠳᠤᠰᠤᠳᠡᠨ ᠦ ᠠᠷᠠᠳ ᠤᠯᠠᠨ ᠦ ᠬᠠᠤᠯᠢ ᠴᠠᠭᠠᠵᠠ ᠵᠢᠨ ᠦᠵᠡᠯᠳᠡ ᠲᠠᠨᠢᠯᠳᠡ ᠵᠢ ᠲᠡᠭᠡᠭᠰᠢᠯᠡᠬᠦᠯᠵᠦ ᠂ ᠲᠡᠳᠡᠨ ᠳ᠋ᠤ ᠵᠠᠷᠭᠤ ᠵᠢᠭᠤᠷᠠᠯᠳᠤᠭᠠᠨ ᠦ ᠤᠴᠢᠷ ᠲᠤᠬᠢᠶᠠᠯᠳᠤᠪᠠᠯ ᠡᠷᠭᠡᠪᠰᠢ ᠬᠠᠤᠯᠢ ᠴᠠᠭᠠᠵᠠ ᠵᠢ ᠬᠡᠷᠡᠭᠯᠡᠵᠦ ᠰᠶᠢᠳᠪᠤᠷᠢᠯᠡᠬᠦ ᠬᠡᠷᠡᠭᠲᠡᠢ ᠬᠡᠳᠡᠭ ᠢ ᠲᠠᠨᠢᠭᠤᠯᠵᠠᠢ ᠃
ᠬᠤᠡᠭ ᠬᠠᠤᠯᠢ ᠴᠠᠭᠠᠵᠠ ᠵᠢᠨ ᠤᠬᠠᠭᠤᠯᠭ᠎ᠠ ᠬᠢᠬᠦ ᠶᠠᠪᠤᠴᠠ ᠳᠦ ᠂ ᠠᠮᠢᠳᠤᠷᠠᠯ ᠤᠨ ᠬᠦᠴᠢᠷᠳᠡᠯ ᠡᠴᠡ ᠪᠤᠯᠵᠦ ᠰᠤᠷᠤᠯᠭ᠎ᠠ ᠠᠯᠳᠠᠵᠦ ᠪᠠᠶᠢᠬᠤ ᠰᠤᠷᠤᠭᠴᠢ ᠴᠦᠬᠡᠨ ᠪᠤᠰᠤ ᠪᠠᠶᠢᠬᠤ ᠵᠢ ᠮᠡᠳᠡᠵᠡᠢ ᠃ ᠲᠡᠭᠡᠭᠡᠳ ᠲᠡᠷᠡ ᠠᠮᠢᠳᠤᠷᠠᠯ ᠨᠢ ᠨᠡᠯᠢᠶᠡᠳ ᠬᠦᠴᠢᠷᠲᠡᠢ ᠳ᠋ᠠᠨᠼᠨᠨᠵᠠᠪ ᠂ ᠷᠢᠨᠴᠢᠨᠵᠠᠮᠰᠤ ᠂ ᠰᠡᠷᠡᠡᠭᠵᠠᠯᠰᠠᠨ ᠵᠡᠷᠭᠡ 3 ᠰᠤᠷᠤᠭᠴᠢ ᠵᠢ ᠲᠡᠳᠭᠦᠭᠦ ᠡᠳᠡᠭᠡᠳ ᠵᠢᠡᠨ ᠪᠤᠯᠭᠠᠵᠦ ᠂ ᠰᠠᠷ᠎ᠠ ᠪᠦᠷᠢ ᠰᠤᠷᠤᠭᠴᠢ ᠪᠤᠯᠭᠠᠨ ᠳᠤ 1000 ᠲᠦᠭᠦᠷᠢᠭ ᠦᠭᠴᠦ ᠂ ᠲᠡᠳᠡᠨ ᠢ ᠶᠡᠭᠡ ᠰᠤᠷᠭᠠᠭᠤᠯᠢ ᠲᠡᠭᠦᠰᠭᠦ ᠪᠤᠯᠳᠠᠯ᠎ᠠ ᠲᠡᠳᠭᠦᠵᠡᠢ ᠃ ᠤᠲᠦ ᠰᠤᠷᠤᠭᠴᠢ ᠷᠢᠨᠴᠢᠨᠵᠠᠮᠰᠤ ᠂ ᠰᠡᠷᠡᠡᠭᠵᠠᠯᠰᠠᠨ ᠲᠤᠰ ᠲᠤᠰ ᠵᠢᠡᠭ ᠭᠠᠡᠭ ᠱᠠᠨ ᠶᠡᠭᠡ ᠰᠤᠷᠭᠠᠭᠤᠯᠢ ᠪᠠ ᠬᠤᠪᠸᠢ ᠳᠡᠬᠢ ᠬᠤᠸᠠᠡᠭ ᠭᠠᠡᠭ ᠠᠵᠢᠯ ᠮᠡᠷᠭᠡᠵᠢᠯ ᠤᠨ ᠲᠡᠭᠡᠲᠦ ᠰᠤᠷᠭᠠᠭᠤᠯᠢ ᠡᠴᠡ ᠲᠡᠭᠦᠰᠴᠤ ᠠᠵᠢᠯ ᠤᠨ ᠪᠠᠶᠢᠷᠢ ᠳᠦ ᠭᠠᠷᠴᠠᠢ ᠃
ᠬᠤᠡᠭ ᠲᠦᠪᠡᠳ ᠤᠨ ᠤᠷᠤᠨ ᠳᠤ ᠪᠠᠶᠢᠭᠰᠠᠨ ᠬᠤᠭᠤᠴᠠᠭᠠᠨ ᠳᠤ ᠂ 3 ᠰᠢᠶᠠᠡᠭ ᠪᠠᠯᠭᠠᠰᠤᠨ ᠳᠤ 3 ᠬᠠᠶᠢᠷ᠎ᠠ ᠵᠢᠨ ᠲᠡᠳᠭᠦᠮᠵᠢᠲᠦ ᠨᠤᠮ ᠤᠨ ᠦᠷᠦᠭᠡ ᠪᠠᠶᠢᠭᠤᠯᠵᠦ ᠂ 2 ᠲᠦᠮᠡ ᠭᠠᠷᠤᠢ ᠨᠤᠮ ᠲᠡᠪᠳᠡᠷ ᠬᠦᠷᠭᠡᠨ ᠦᠭᠴᠦ ᠂ ᠠᠷᠠᠳ ᠤᠯᠠᠨ ᠦ ᠨᠤᠮ ᠤᠡᠭᠰᠢᠬᠤ ᠳ᠋ᠤ ᠲᠦᠭᠦᠮ ᠦᠵᠡᠭᠦᠯᠵᠡᠢ ᠃ ᠪᠤᠶᠢᠳᠡ ᠪᠦᠭᠯᠡᠬᠦᠦ ᠭᠠᠵᠠᠷ ᠤᠷᠤᠨ ᠦ ᠬᠡᠤᠬᠡᠳ ᠤᠨ ᠴᠡᠴᠡᠷᠯᠢᠭ ᠲᠤ 10 ᠲᠦᠮᠡᠨ ᠲᠦᠭᠦᠷᠢᠭ ᠤᠨ ᠨᠠᠭᠠᠳᠤᠮ ᠲᠤᠭᠯᠠᠭᠠᠮ ᠤᠨ ᠪᠠᠭᠠᠵᠢ ᠬᠦᠷᠭᠡᠵᠦ ᠂ ᠶᠠᠳᠠᠭᠤ ᠬᠦᠴᠢᠷᠲᠠᠢ ᠡᠪᠡᠳᠴᠢᠳᠡᠨ ᠳᠤ 2 ᠲᠦᠮᠡᠡ ᠲᠦᠭᠦᠷᠢᠭ ᠤᠨ ᠲᠤᠰᠠᠯᠠᠮᠵᠢ ᠦᠵᠡᠭᠦᠯᠵᠡᠢ ᠃ 2016 ᠤᠨ ᠳᠤ ᠲᠦᠪᠡᠳ ᠲᠤ ᠲᠤᠰᠠᠯᠠᠮᠵᠢ ᠦᠵᠡᠬᠦᠯᠬᠦ ᠠᠵᠢᠯ ᠨᠢ ᠲᠠᠭᠤᠰᠬᠤ ᠪᠤᠯᠬᠤ ᠳᠤ ᠂ ᠬᠠᠮᠲᠦ ᠤᠴᠢᠭᠰᠠᠨ ᠬᠠᠤᠯᠢᠴᠢ ᠨᠡᠷ ᠵᠢᠡᠷ ᠵᠢᠡᠨ ᠲᠠᠶᠢᠴᠢᠯᠠᠨ 8 ᠶᠠᠳᠠᠭᠤ ᠬᠦᠴᠢᠷᠲᠠᠢ ᠰᠤᠷᠤᠭᠴᠢ ᠳᠤ ᠬᠠᠪᠰᠤᠷᠤᠮᠵᠢ ᠦᠵᠡᠬᠦᠯᠬᠦ ᠪᠤᠯᠭᠠᠵᠠᠢ ᠃ ᠲᠡᠷᠡ ᠢᠡᠭᠭᠢᠵᠦ ᠴᠢᠷᠮᠠᠶᠢᠵᠦ ᠠᠵᠢᠯᠯᠠᠬᠤ ᠳᠤ ᠪᠠᠨ ︽ᠪᠡᠭᠡᠵᠢᠡᠭ ᠬᠤᠳᠠ ᠵᠢᠨ ᠬᠠᠮᠦᠬ ᠤᠨ ᠰᠢᠯᠢᠳᠡᠭ ᠬᠠᠤᠯᠢᠴᠢ ︾ ᠂ ︽ᠪᠡᠭᠡᠵᠢᠡᠭ ᠬᠤᠳᠠ ᠵᠢᠨ ᠬᠠᠤᠯᠢᠴᠢ ᠵᠢᠨ ᠲᠠᠭᠤᠷᠢᠶᠠᠯ ︾᠂ ︽ᠴᠠᠡᠭ ᠫᠢᠡᠭ ᠤᠷᠤᠨ ᠦ ᠬᠠᠤᠯᠢᠴᠢ ᠵᠢᠨ ᠲᠠᠭᠤᠷᠢᠶᠠᠯ ︾ ᠵᠡᠷᠭᠡ ᠤᠯᠠᠨ ᠵᠦᠢᠯ ᠤᠨ ᠢᠷᠠᠭᠤ ᠠᠯᠳᠠᠷ ᠢ ᠬᠦᠷᠳᠡᠵᠡᠢ ᠃
ᠪᠢ 2024 ᠤᠨ ᠦ 9 ᠰᠠᠷ᠎ᠠ ᠵᠢᠨ 2 ᠤᠨ ᠡᠳᠤᠷ ᠂ ᠹᠸᠡᠭ ᠬᠠᠢ ᠨᠦᠬᠦᠷ ᠢ ᠲᠡᠭᠦᠨ ᠦ ᠰᠠᠭᠤᠭ᠎ᠠ ᠲᠤᠮᠳᠠᠲᠦ ᠬᠤᠰᠢᠭᠤᠨ ᠦ ᠪᠠᠶᠠᠨᠬᠤᠰᠢᠭᠤ ᠪᠠᠯᠭᠠᠰᠤᠨ ᠦ ᠬᠦᠭᠵᠢᠯ ᠨᠡᠶᠢᠭᠡᠮ ᠲᠤᠭᠤᠷᠢᠭ ᠲᠤ ᠪᠠᠶᠢᠭ᠎ᠠ ᠬᠡᠷ ᠲᠤ ᠨᠢ ᠬᠦᠷᠴᠦ ᠰᠤᠷᠪᠤᠯᠵᠢᠯᠠᠭᠰᠠᠨ ᠶᠤᠮ ᠃ ᠮᠠᠷᠭᠠᠰᠢ ᠨᠢ ᠭᠠᠷᠠᠭ ᠤᠨ ᠵᠢᠷᠭᠤᠭᠠᠨ ᠪᠤᠯᠬᠤᠷ ᠤᠯᠠᠭᠠᠨᠬᠤᠳᠠ ᠳᠦ ᠪᠠᠨ ᠬᠠᠷᠢᠵᠦ ᠢᠷᠡᠬᠦ ᠵᠢ ᠶᠠᠭᠠᠷᠠᠭᠰᠠᠨ ᠦᠭᠡᠢ ᠂ ᠲᠤᠮᠳᠠᠲᠦ ᠬᠤᠰᠢᠭᠤᠨ ᠦ ᠪᠦᠳᠤᠬᠦᠨᠬᠤᠸ᠋ᠨ ᠳᠡᠬᠢ ᠨᠠᠰᠤᠳᠠᠶᠢᠴᠤᠳ ᠤᠨ ᠠᠰᠠᠷᠠᠮᠵᠢ ᠵᠢᠨ ᠭᠠᠵᠠᠷ ᠲᠤ ᠪᠠᠶᠢᠭ᠎ᠠ ᠠᠪᠠᠭ᠎ᠠ ᠪᠠᠨ ᠡᠷᠬᠢᠵᠦ ᠦᠵᠡᠬᠦ ᠪᠡᠷ ᠤᠴᠢᠪᠠ ᠃ ᠲᠡᠭᠡᠭᠡᠳ ᠰᠠᠨᠠᠮᠰᠠᠷ ᠦᠭᠡᠢ ᠪᠡᠷ ᠹᠸᠡᠭ ᠬᠠᠢ ᠵᠢᠭᠡ ᠤᠮᠪᠤᠯᠦ ᠪᠠᠨ ᠲᠠᠭᠠᠭᠤᠯᠤᠨ ᠲᠡᠨᠳᠡᠬᠢ ᠦᠮᠦᠭ ᠲᠦᠰᠢᠭ ᠦᠭᠡᠢ ᠭᠠᠭᠴᠠ ᠪᠡᠶ᠎ᠡ ᠨᠠᠰᠤᠳᠠᠨ ᠢ ᠪᠤᠯᠭᠤᠭᠠᠨ ᠦᠵᠡᠵᠦ ᠪᠠᠶᠢᠬᠤ ᠲᠠᠢ ᠲᠠᠭᠠᠷᠠᠴᠢᠬᠠᠪᠠ ᠃ ᠤᠤᠯ ᠨᠢ ᠲᠡᠷᠡ ᠪᠠᠶᠠᠷ ᠲᠤᠷᠠᠰᠬᠠᠯ ᠦᠨ ᠡᠳᠤᠷ ᠶᠤᠮ ᠤᠤ ᠂ ᠠᠮᠠᠷᠠᠯᠳᠠ ᠵᠢᠨ ᠡᠳᠤᠷ ᠲᠤ ᠨᠠᠰᠤᠲᠠᠶᠢᠴᠤᠳ ᠤᠨ ᠠᠰᠠᠷᠠᠮᠵᠢ ᠵᠢᠨ ᠭᠠᠵᠠᠷ ᠲᠤ ᠬᠦᠷᠴᠦ ᠲᠤᠬᠤᠨᠢᠭᠤᠯᠭ᠎ᠠ ᠬᠢᠳᠡᠭ ᠪᠠᠶᠢᠪᠠ ᠃ ᠬᠡᠬᠦ ᠳ᠋ᠤ ᠪᠠᠨ ᠤᠮᠪᠤᠯᠦ ᠬᠡᠤᠬᠡᠳ ᠵᠢᠡᠨ ᠲᠠᠭᠠᠭᠤᠯᠤᠨ ᠠᠪᠠᠴᠢᠵᠦ ᠨᠠᠰᠤᠳᠠᠨ ᠢ ᠬᠦᠨᠳᠤᠯᠡᠵᠦ ᠨᠢᠯᠬ᠎ᠠ ᠵᠢ ᠬᠠᠷᠠᠭᠠᠯᠵᠠᠬᠤ ᠲᠤᠮᠳᠠᠲᠦ ᠵᠢᠨ ᠦᠨᠳᠤᠰᠤᠳᠡᠨ ᠦ ᠰᠢᠯᠢᠳᠡᠭ ᠤᠯᠠᠮᠵᠢᠯᠠᠯ ᠢ ᠪᠤᠲᠠᠲᠠᠢ ᠠᠵᠢᠯᠯᠠᠭ᠎ᠠ ᠪᠡᠷ ᠵᠢᠡᠨ ᠰᠤᠷᠳᠠᠯᠴᠢᠯᠠᠭᠰᠠᠭᠠᠷ ᠢᠷᠡᠵᠡᠢ ᠃
ᠪᠢ ᠹᠸᠡᠭ ᠬᠠᠢ ᠨᠦᠬᠦᠷ ᠢ ᠲᠤᠰᠬᠠᠢ ᠰᠤᠷᠪᠤᠯᠵᠢᠯᠠᠭᠰᠠᠨ ᠵᠢᠡᠷ ᠪᠠᠷᠠᠬᠤ ᠦᠬᠡᠢ ᠲᠤᠮᠳᠠᠲᠦ ᠬᠤᠰᠢᠭᠤᠨ ᠦ ᠤᠯᠠᠨ ᠬᠦᠮᠦᠨ ᠢ ᠰᠤᠷᠪᠤᠯᠵᠢᠯᠠᠵᠦ ᠲᠡᠬᠦᠨ ᠦ ᠲᠤᠬᠠᠢ ᠤᠶᠢᠯᠠᠭᠠᠪᠠ ᠃ ᠲᠤᠮᠳᠠᠲᠦ ᠬᠤᠰᠢᠭᠤᠨ ᠦ ᠨᠡᠮ ᠤᠨ ᠬᠤᠷᠢᠶᠠᠨ ᠦ ᠤᠬᠠᠭᠤᠯᠬᠤ ᠬᠡᠯᠳᠡᠰ ᠤᠨ ᠲᠡᠷᠤᠭ᠎ᠠ ᠪᠠᠶᠢᠭᠰᠠᠨ ᠸᠠᠡᠭ ᠰᠢᠦ ᠬᠤᠸᠠ ᠨᠦᠬᠦᠷ ᠢ ᠰᠤᠷᠪᠤᠯᠵᠢᠯᠠᠬᠤ ᠳᠤ ᠂ ᠲᠡᠷᠡ ︽ ᠹᠸᠡᠭ ᠬᠠᠢ ᠪᠤᠯ ᠰᠠᠶᠢᠨ ᠬᠦᠮᠦᠨ ᠡ᠂ ᠤᠬᠠᠭᠠᠨ ᠲᠤᠳᠠᠮᠠᠬ ᠠᠬ᠎ᠠ ᠲᠡᠭᠦᠦ ᠭᠤᠷᠪᠠᠭᠤᠯᠠ ᠵᠢ ᠭᠤᠴᠢ ᠭᠠᠷᠤᠢ ᠵᠢᠯ ᠬᠠᠪᠰᠤᠷᠴᠦ ᠲᠡᠮᠵᠢᠨ᠎ᠡ ᠬᠡᠭᠴᠢ ᠠᠮᠠᠷ ᠤᠤ ᠳ᠋ᠠ ᠂ ᠲᠡᠷᠡ ᠪᠤᠯ ᠦᠨᠡᠭᠡᠷ ᠨᠢᠭᠡᠨ ᠰᠢᠯᠢᠳᠡᠭ ᠨᠠᠮ ᠤᠨ ᠬᠡᠰᠢᠬᠦᠨ ᠰᠢᠦ ᠂ ᠲᠡᠷᠡ 2017 ᠤᠨ ᠳ᠋ᠤ ︵ᠪᠦᠬᠦ ᠤᠯᠤᠰ ᠤᠨ ᠶᠤᠰᠤ ᠰᠤᠷᠳᠠᠬᠤᠨ ᠦ ᠵᠢᠱᠢᠶᠠᠴᠢ ︶ᠪᠡᠷ ᠰᠤᠡᠭᠭᠤᠭᠳᠠᠵᠦ ᠂ ᠲᠡᠳᠡᠨ ᠦ ᠬᠡᠷ ᠪᠦᠯᠢ ᠨᠢ 2017 ᠤᠨ ᠳᠦ ︵ᠪᠦᠬᠦ ᠤᠯᠤᠰ ᠦᠨ ᠬᠠᠮᠦᠬ ᠤᠨ ᠬᠦᠷᠢᠶᠡᠯᠡᠯᠲᠡᠢ ᠬᠡᠷ ᠪᠦᠯᠢ ︶᠂ 2020 ᠤᠨ ᠳᠤ ︵ ᠪᠦᠬᠦ ᠤᠯᠤᠰ ᠤᠨ ᠪᠤᠯᠪᠠᠰᠤᠨ ᠬᠡᠷ ᠪᠦᠯᠢ ︶ ᠪᠡᠷ ᠰᠤᠡᠭᠭᠤᠭᠳᠠᠵᠠᠢ ︾ ᠬᠡᠵᠦ ᠶᠠᠷᠢᠵᠦ ᠪᠠᠶᠢᠯ᠎ᠠ ᠃
ᠲᠤᠮᠳᠠᠲᠦ ᠬᠤᠰᠢᠭᠤᠨ ᠦ ᠬᠦᠮᠦᠨ ᠦ ᠬᠦᠴᠦᠨ ᠦ ᠡᠬᠢ ᠪᠠᠶᠠᠯᠢᠭ ᠪᠠ ᠨᠡᠶᠢᠬᠡᠮ ᠤᠨ ᠪᠠᠳᠤᠯᠠᠪᠤᠷᠢ ᠵᠢᠨ ᠲᠤᠪᠴᠢᠶᠠᠨ ᠲᠡᠷᠤᠭ᠎ᠠ ᠪᠠᠶᠢᠭᠰᠠᠨ ᠭᠤᠸᠠᠨ ᠶᠦᠡᠭ ᠴᠢᠡᠭ ᠨᠦᠬᠦᠷ ᠢ ᠰᠤᠷᠪᠤᠯᠵᠢᠯᠠᠬᠤ ᠳᠦ ᠂ ᠲᠡᠷᠡ ᠂ ︽ᠪᠢ ᠬᠦᠸ᠋ᠸ ᠹᠸᠡᠭ ᠬᠠᠢ ᠨᠦᠬᠦᠷ ᠢ ᠰᠠᠶᠢᠨ ᠲᠠᠨᠢᠨᠡ ᠃ ᠲᠤᠮᠳᠠᠲᠦ ᠬᠤᠰᠢᠭᠤᠨ ᠦ ᠰᠤᠨᠢᠨ ᠦ ᠬᠤᠷᠢᠶ᠎ᠡ ᠵᠢᠨ ᠲᠠᠷᠤᠭ᠎ᠠ ᠪᠠᠶᠢᠬᠤ ᠳᠦ ᠪᠠᠨ ᠲᠡᠭᠦᠨ ᠢ ᠲᠤᠰᠬᠠᠢ ᠰᠤᠷᠪᠤᠯᠵᠢᠯᠠᠵᠦ ᠦᠡᠭᠭᠡᠷᠡᠵᠡᠢ ᠃ ᠲᠡᠷᠡ ᠨᠡᠷ᠎ᠡ ᠲᠦᠷᠦ ᠵᠢ ᠬᠦᠭᠡᠴᠡᠯᠳᠦᠳᠡᠭ ᠬᠦᠮᠦᠨ ᠪᠢᠰᠢ ᠂ ᠲᠡᠷᠡ ᠯᠢ ᠤᠪᠤᠭᠲᠦ ᠵᠢᠨ ᠠᠬ᠎ᠠ ᠲᠡᠬᠦᠦ ᠭᠤᠷᠪᠠᠭᠤᠯᠠ ᠳᠦ ᠨᠠᠭᠠᠲᠦ ᠵᠠᠬ᠎ᠠ ᠵᠢᠨ ᠠᠮᠢᠳᠤᠷᠠᠯ ᠤᠨ ᠪᠠᠳᠤᠯᠠᠪᠤᠷᠢ ᠤᠯᠵᠦ ᠦᠭᠭᠦ ᠪᠡᠷ ᠬᠠᠮᠢᠶ᠎ᠡ ᠪᠦᠬᠦᠢ ᠪᠠᠶᠢᠭᠤᠯᠭ᠎ᠠ ᠵᠢ ᠡᠷᠢᠭᠰᠡᠨ ᠦᠭᠡᠢ ᠪᠤᠯ ᠲᠡᠭᠦᠨ ᠦ ᠲᠡᠶᠢᠮᠦᠷᠭᠦᠦ ᠰᠠᠶᠢᠨ ᠶᠠᠪᠤᠳᠠᠯ ᠬᠢᠭᠰᠡᠨ ᠢ ᠮᠡᠳᠡᠬᠦ ᠬᠦᠮᠦᠨ ᠲᠡᠮᠡᠢ ᠦᠬᠡᠢ ᠪᠠᠶᠢᠵᠠᠢ ᠃ ᠲᠡᠬᠦᠨ ᠦ ᠡᠨᠡ ᠬᠦ ᠦᠨᠳᠤᠰᠤᠳᠡᠨ ᠦ ᠪᠦᠯᠬᠦᠮᠳᠡᠯ ᠢ ᠠᠬᠢᠭᠤᠯᠤᠭᠰᠠᠨ ᠲᠡᠷᠢᠬᠦᠨ ᠦ ᠠᠵᠢᠯᠯᠠᠭ᠎ᠠ ᠵᠢ ᠰᠠᠶᠢᠳᠤᠷ ᠤᠬᠠᠭᠤᠯᠬᠤ ᠳᠦ ᠪᠠᠨ ᠲᠠᠭᠠᠷᠠᠨ᠎ᠠ ︾ ᠬᠡᠵᠦ ᠶᠡᠷᠢᠵᠦ ᠪᠠᠶᠢᠯ᠎ᠠ ᠃
ᠲᠤᠮᠳᠠᠲᠦ ᠬᠤᠰᠢᠭᠤᠨ ᠦ ᠲᠠᠡᠭᠰᠠ ᠡᠪᠭᠡᠮᠡᠯ ᠤᠨ ᠲᠤᠪᠴᠢᠶ᠎ᠠ ᠵᠢᠨ ᠺᠠᠳ᠋ᠷ ᠪᠠᠶᠠᠷᠲᠦ ᠵᠢ ᠰᠤᠷᠪᠤᠯᠵᠢᠯᠠᠬᠤ ᠳᠤ ᠂ ᠲᠡᠷᠡ ᠄ ︽ ᠪᠢ ᠹᠸᠡᠭ ᠬᠠᠢ ᠲᠠᠢ ᠤᠳᠠᠭᠠᠨ ᠵᠢᠯ ᠤᠨ ᠰᠠᠶᠢᠨ ᠠᠬ᠎ᠠ ᠲᠡᠭᠦᠦ ᠪᠤᠯᠤᠨ᠎ᠡ ᠃ ᠲᠡᠷᠡ ᠵᠤᠭᠤᠰ ᠮᠦᠡᠭᠭᠦ ᠠᠷᠪᠢᠨ ᠪᠤᠯᠤᠭᠠᠳ ᠪᠤᠰᠤᠳ ᠢ ᠬᠠᠪᠰᠤᠷᠤᠨ ᠲᠡᠮᠵᠢᠵᠦ ᠪᠠᠶᠢᠬᠤ ᠶᠠᠪᠤᠳᠠᠯ ᠪᠢᠰᠢ ᠂ ᠬᠠᠷᠢᠨ ᠨᠢᠬᠡᠨ ᠨᠠᠮ ᠤᠨ ᠬᠡᠰᠢᠬᠦᠨ ᠪᠤᠯᠤᠭᠰᠠᠨ ᠦ ᠬᠤᠪᠢ ᠳᠦ ᠨᠡᠶᠢᠬᠡᠮ ᠨᠡᠶᠢᠳᠡ ᠳᠦ ᠬᠠᠷᠢᠭᠤᠴᠠᠬᠤ ᠡᠭᠦᠷᠭᠡ ᠪᠠᠨ ᠬᠦᠢᠴᠡᠳᠭᠡᠵᠦ ᠪᠠᠶᠢᠬᠤ ᠶᠠᠪᠤᠳᠠᠯ ᠶᠤᠮ ︾ ᠬᠡᠵᠦ ᠶᠠᠷᠢᠵᠦ ᠪᠠᠶᠢᠯ᠎ᠠ ᠃
ᠵᠤᠬᠢᠶᠠᠬᠴᠢ ᠵᠢᠨ ᠬᠠᠶ᠋ᠢᠬ᠄ ᠬᠢᠡᠭᠭᠠᠨ ᠠᠶᠢᠮᠠᠬ ᠤᠨ ᠬᠠᠮ ᠵᠠᠭᠤᠴᠢᠯᠠᠭᠤᠷ ᠤᠨ ᠲᠦᠪ
ᠨᠠ᠊ ᠂ ᠲᠠᠯᠠᠨᠳᠠᠢ
ᠤᠳᠠᠰᠤ ᠄13848381041