

ᠡᠮᠡᠭᠡ ᠶᠢᠨ ᠨᠢᠯᠪᠤᠰᠤ / ᠬᠦᠦᠷᠨᠢᠯ ᠥᠭᠦᠯᠡᠯᠭᠡ/ 1

2016-08-24 11:12
  798
  0

ᠡᠮᠡᠭᠡ ᠶᠢᠨ ᠨᠢᠯᠪᠤᠰᠤ / ᠬᠦᠦᠷᠨᠢᠯ ᠥᠭᠦᠯᠡᠯᠭᠡ/  1

ᠠ᠃ ᠫᠦᠷᠪᠦᠮ᠎ᠠ ᠨᠢ ᠲᠦᠭᠡᠮᠡᠯ ᠬᠥᠭᠵᠢᠯ ᠲᠥᠪ ᠦᠨ ᠭᠡᠰᠢᠭᠦᠨ ᠪᠥᠭᠡᠳ ᠬᠣᠶᠠᠷ ᠵᠢᠯ ᠦᠨ ᠡᠮᠦᠨ᠎ᠡ ᠪᠤᠰᠤᠳ ᠤᠨ ᠪᠤᠷᠤᠭᠤ ᠠᠴᠠ ᠭᠡᠮᠲᠦᠵᠦ ᠨᠢᠷᠤᠭᠤ ᠨᠤᠭᠤᠰᠤᠨ ᠤ ᠬᠦᠨᠳᠦ ᠭᠡᠮᠲᠦᠯ ᠠᠪᠴᠤ ᠠᠯᠬᠤᠭᠴᠢ ᠲᠦᠰᠢᠨ ᠶᠠᠪᠤᠳᠠᠭ ᠪᠣᠯᠤᠭᠰᠠᠨ ᠶᠤᠮ᠃ ᠲᠡᠷᠡ ᠭᠡᠮᠲᠦᠬᠦ ᠶᠢᠨ ᠢᠶᠡᠨ ᠡᠮᠦᠨ᠎ᠡ ᠨᠢ ᠥᠪᠡᠷ ᠦᠨ ᠢᠶᠡᠨ ᠵᠣᠷᠢᠯᠭ᠎ᠠ ᠳᠤ ᠪᠠᠨ ᠬᠦᠷᠬᠦ ᠶᠢᠨ ᠲᠥᠯᠥᠭᠡ ᠮᠠᠰᠢ ᠶᠡᠬᠡ ᠬᠥᠳᠡᠯᠮᠦᠷᠢᠯᠡᠳᠡᠭ ᠪᠠᠶᠢᠭᠰᠠᠨ ᠭᠡᠳᠡᠭ᠃ ᠣᠳᠣ ᠴᠤ ᠲᠡᠷᠡ ᠵᠦᠭᠡᠷ ᠰᠠᠭᠤᠭᠰᠠᠨ ᠦᠭᠡᠢ ᠨᠣᠮ ᠤᠩᠰᠢᠵᠤ᠂ ᠥᠪᠡᠷ ᠦᠨ ᠢᠶᠡᠨ ᠳᠣᠲᠣᠭᠠᠳᠤ ᠰᠡᠳᠬᠢᠯ ᠢ ᠢᠯᠡᠷᠬᠡᠶᠢᠯᠡᠭᠰᠡᠨ ᠰᠢᠯᠦᠭ ᠪᠢᠴᠢᠵᠦ᠂ ᠬᠥᠯ ᠳᠡᠭᠡᠷ᠎ᠡ ᠪᠡᠨ ᠵᠣᠭᠰᠣᠬᠤ ᠳᠠᠰᠬᠠᠯ ᠤᠶᠢᠭ᠎ᠠ ᠦᠭᠡᠢ ᠬᠡᠢ ᠶᠢᠨ ᠥᠪᠡᠷ ᠦᠨ ᠢᠶᠡᠨ ᠦᠨᠡᠲᠡᠢ ᠭᠡᠰᠡᠨ ᠪᠦᠬᠦᠨ ᠢᠶᠡᠨ ᠡᠷᠭᠢᠨ ᠠᠪᠴᠢᠷᠠᠬᠤ ᠶᠢᠨ ᠲᠥᠯᠥᠭᠡ ᠲᠡᠮᠡᠴᠡᠵᠦ ᠶᠠᠪᠤᠨ᠎ᠠ᠃ ᠰᠠᠶ᠋ᠢᠬᠠᠨ ᠲᠡᠷᠡ ᠪᠡᠷ ᠥᠪᠡᠷ ᠦᠨ ᠬᠢ ᠪᠡᠨ ᠠᠮᠢᠳᠤᠷᠠᠯ ᠠᠴᠠ ᠰᠡᠳᠦᠪᠯᠡᠵᠦ ᠪᠢᠴᠢᠭᠰᠡᠨ 《ᠡᠮᠡᠭᠡ ᠶᠢᠨ ᠨᠢᠯᠪᠤᠰᠤ》 ᠠᠩᠬᠠᠨ ᠤ ᠥᠭᠦᠯᠡᠯᠭᠡ ᠪᠡᠨ ᠪᠢᠴᠢᠵᠡᠢ᠃ ᠤᠩᠰᠢᠭᠴᠢ ᠲᠠᠨᠢ ᠳᠤ ᠲᠠᠭᠠᠯᠠᠭᠳᠠᠨ᠎ᠠ ᠭᠡᠵᠦ ᠨᠠᠶᠢᠳᠠᠵᠤ ᠪᠠᠶᠢᠨ᠎ᠠ᠃ 

ᠡᠮᠡᠭᠡ ᠶᠢᠨ ᠨᠢᠯᠪᠤᠰᠤ 

ᠨᠠᠰᠤᠲᠠᠢ ᠬᠦᠮᠦᠨ ᠢ ᠤᠬᠢᠯᠠᠬᠤ ᠶᠢ ᠬᠠᠷᠠᠬᠤ ᠬᠠᠮᠤᠭ ᠤᠨ ᠰᠡᠳᠬᠢᠯ ᠡᠪᠡᠳᠦᠮ᠎ᠡ᠂ᠨᠢᠳᠦ ᠬᠠᠯᠲᠠᠷᠠᠮ᠎ᠠ ᠬᠡᠴᠡᠭᠦᠦ ᠶᠠᠭᠤᠮ᠎ᠠ ᠪᠢᠯᠡ ᠃ ᠪᠢ ᠶᠠᠭᠤ ᠴᠤ ᠪᠣᠳᠣᠵᠤ ᠴᠢᠳᠠᠳᠠᠭ ᠦᠭᠡᠢ᠂ ᠪᠦᠷ ᠶᠠᠭᠤ ᠴᠤ ᠶᠠᠷᠢᠬᠤ ᠶᠠᠷᠢᠶ᠎ᠠ ᠦᠭᠡᠢ ᠡᠨᠡ ᠬᠣᠷᠸ᠎ᠠ ᠶᠢ ᠪᠦᠬᠦᠯᠢ ᠳᠦ ᠨᠢ ᠦᠵᠡᠨ ᠶᠠᠳᠠᠵᠤ ᠵᠦᠭᠡᠷ ᠲᠠᠭᠠᠵᠠ ᠰᠢᠷᠲᠡᠵᠦ ᠬᠡᠪᠲᠡᠳᠡᠭ ᠪᠠᠶᠢᠭᠰᠠᠨ ᠃ ᠪᠢ ᠨᠠᠮᠤᠷ ᠪᠣᠯᠵᠤ ᠪᠠᠶᠢᠭ᠎ᠠ ᠶᠢ ᠬᠠᠷᠠᠵᠤ ᠴᠢᠳᠠᠬᠤ ᠦᠭᠡᠢ ᠲᠩᠷᠢ ᠪᠣᠯ ᠵᠤᠨ ᠬᠡᠪ ᠢᠶᠡᠷ ᠢᠶᠡᠨ ᠯᠠ ᠬᠠᠷᠠᠭᠳᠠᠭᠠᠳ ᠬᠠᠷᠢᠨ ᠨᠠᠶᠢᠵᠠ ᠨᠤᠭᠤᠳ ᠨᠠᠳᠠ ᠳᠡᠭᠡᠷ᠎ᠡ ᠢᠷᠡᠬᠦ ᠳᠦ ᠪᠡᠨ ᠭᠠᠳᠠᠭᠤᠷ ᠬᠤᠪᠴᠠᠰᠤ ᠲᠠᠢ ᠪᠣᠯᠤᠭᠰᠠᠨ ᠢᠶᠠᠷ ᠨᠠᠮᠤᠷ ᠢ ᠮᠡᠳᠡᠷᠡᠳᠡᠭ ᠪᠠᠶᠢᠯ᠎ᠠ ᠃ ᠡᠨᠡ ᠡᠮᠧ ᠶᠢᠨ ᠲᠤᠬᠠᠢ ᠪᠢᠴᠢᠵᠦ ᠡᠬᠢᠯᠡᠬᠦ ᠳᠦ ᠯᠠ ᠬᠠᠮᠠᠷ ᠱᠠᠷᠬᠢᠷᠠᠵᠤ ᠥᠪᠡᠷ ᠦᠨ ᠡᠷᠬᠡ ᠦᠭᠡᠢ ᠲᠩᠷᠢ ᠤᠷᠤᠭᠤ ᠬᠠᠷᠠᠵᠤ ᠪᠠᠶᠢᠨ᠎ᠠ ᠲᠡᠭᠡᠬᠦ ᠳᠦ ᠪᠡᠨ ᠬᠡᠪᠲᠡᠭᠡᠳ ᠪᠢᠰᠢ ᠰᠢᠦ ᠲᠠᠶᠠᠭ᠎ᠠ ᠲᠠᠢ ᠪᠠᠨ ᠬᠥᠩᠭᠡᠬᠡᠨ ᠠᠯᠬᠤᠭᠠᠳ ᠴᠣᠩᠬᠣ ᠪᠠᠷ ᠬᠠᠷᠠᠵᠤ ᠵᠣᠭᠰᠣᠨ᠎ᠠ᠃ ᠨᠠᠮᠤᠷ ᠤᠨ ᠲᠩᠷᠢ ᠶᠢ ᠪᠢᠰᠢ ᠬᠠᠪᠤᠷ ᠤᠨ ᠲᠩᠷᠢ ᠶᠢ ᠦᠵᠡᠨ ᠶᠠᠳᠠᠭᠰᠠᠨ ᠬᠠᠷᠠᠴᠠ ᠪᠠᠷ ᠪᠢᠰᠢ ᠬᠠᠲᠠᠭᠤ ᠦᠨᠡᠨᠡᠭ ᠦᠨ ᠠᠷᠤ ᠋ᠳᠦ ᠭᠠᠷᠤᠭᠰᠠᠨ ᠳᠤ ᠪᠠᠨ ᠲᠠᠶᠢᠪᠤᠰᠢᠷᠠᠭᠰᠠᠨ ᠬᠠᠷᠠᠴᠠ ᠪᠠᠷ ᠬᠠᠷᠠᠵᠤ ᠵᠣᠭᠰᠣᠨ᠎ᠠ… 

ᠬᠣᠭᠣᠯᠠ ᠪᠠᠨ ᠠᠪᠤᠭᠠᠷᠠᠢ ᠭᠡᠬᠦ ᠳᠠᠭᠤ ᠲᠠᠢ ᠵᠡᠷᠭᠡᠴᠡᠨ ᠲᠦᠷᠢᠳᠡᠭ ᠣᠷᠣᠨ ᠤ ᠴᠢᠮᠡᠭᠡ ᠬᠣᠯᠠ ᠠᠴᠠ ᠢᠷᠡᠵᠦ ᠶᠠᠪᠤᠭ᠎ᠠ ᠨᠢ ᠰᠣᠨᠣᠰᠤᠭᠳᠠᠭᠰᠠᠨ ᠶᠤᠮ᠃ ᠮᠠᠨ ᠤ ᠥᠷᠥᠭᠡᠨ ᠳᠦ ᠨᠡᠯᠢᠶᠡᠨ ᠥᠨᠳᠥᠷ ᠨᠠᠰᠤᠨ ᠤ ᠥᠨᠳᠥᠷᠳᠡᠭᠦᠦ ᠪᠡᠶ᠎ᠡ ᠲᠡᠢ ᠲᠤᠷᠠᠩᠬᠠᠢ ᠡᠮᠡᠭᠡᠨ ᠨᠣᠰᠣᠯᠺᠠ ᠳᠡᠭᠡᠷ᠎ᠡ ᠲᠦᠷᠦᠭᠦᠯᠡᠨ ᠣᠷᠣᠵᠤ ᠢᠷᠡᠯ᠎ᠡ᠃ ᠶᠡᠬᠡᠯ᠎ᠡ ᠵᠠᠪᠠᠭᠤᠷᠢ ᠲᠠᠢ ᠪᠠᠶᠢᠭ᠎ᠠ ᠪᠣᠯᠪᠠᠴᠤ ᠲᠡᠪᠴᠢᠭᠰᠡᠨ ᠦᠦ? ᠡᠰᠡᠪᠡᠯ ᠡᠪᠡᠳᠴᠢᠨ ᠨᠠᠮᠳᠠᠭᠠᠬᠤ ᠡᠮᠡᠨ ᠳᠦ ᠪᠡᠨ ᠪᠣᠯᠤᠭᠠᠳ ᠡᠪᠡᠳᠬᠦ ᠦᠭᠡᠢ ᠪᠠᠶᠢᠭ᠎ᠠ ᠶᠠᠭᠤᠮᠤ ᠬᠡᠢ ᠳᠡᠮᠡᠢ ᠯᠠ ᠨᠢᠳᠦ ᠨᠢ ᠪᠦᠯᠲᠡᠭᠡᠨᠡᠨ᠎ᠡ᠃ ᠬᠠᠷᠠᠭᠠᠳ ᠯᠠ ᠢᠰᠰ ᠴᠠᠪᠠᠰᠤ ᠳ᠋ᠠ ᠭᠡᠵᠦ ᠪᠣᠳᠣᠮᠠᠷ ᠃ ᠶᠠᠭ ᠮᠢᠨᠦ ᠬᠠᠵᠠᠭᠤ ᠲᠠᠯ᠎ᠠ ᠶᠢᠨ ᠣᠷᠣᠨ ᠳᠡᠭᠡᠷ᠎ᠡ ᠬᠡᠳᠦᠨ ᠲᠠᠯ᠎ᠠ ᠠᠴᠠ ᠨᠢ ᠡᠷᠭᠦᠵᠦ ᠲᠠᠯᠪᠢᠯ᠎ᠠ ᠰᠤᠪᠢᠯᠠᠭᠴᠢ ᠨᠠᠷ… 

-ᠡᠮᠡᠭᠡ ᠭᠡᠷ ᠡᠴᠡ ᠴᠢᠨᠢ ᠬᠦᠮᠦᠨ ᠢᠷᠡᠬᠦᠦ ? ᠢᠷᠡᠬᠦ ᠬᠦᠮᠦᠨ ᠪᠠᠶᠢᠬᠤ ᠦᠭᠡᠢ ᠡ ᠬᠦᠦ ᠮᠢᠨᠢ 

-ᠡᠮᠡᠭᠡ ᠣᠷᠣ ᠬᠥᠨᠵᠢᠯᠡ ᠶᠢᠨ ᠳᠠᠪᠤᠤ ᠪᠠᠶᠢᠭ᠎ᠠ ᠤᠤ? ᠡᠮᠡᠭᠡ ᠶᠠᠭᠤ ᠴᠤ ᠳᠤᠤᠭᠠᠷᠴᠤ ᠴᠢᠳᠠᠬᠤ ᠦᠭᠡᠢ ᠪᠠᠶᠢᠬᠤ ᠦᠭᠡᠢ ᠭᠡᠳᠡᠭ ᠨᠢ ᠢᠯᠡᠳᠲᠡ ᠪᠠᠶᠢᠳᠠᠯ ᠲᠠᠢ ᠰᠤᠪᠢᠯᠠᠭᠴᠢ ᠤᠷᠤᠭᠤ ᠬᠠᠷᠠᠭᠠᠳ ᠡᠮᠡᠭᠡ ᠶᠢ ᠣᠶᠢᠯᠠᠭᠠᠭᠰᠠᠨ ᠰᠤᠪᠢᠯᠠᠭᠴᠢ 

ᠵᠠ ᠡᠮᠧ ᠪᠢ ᠲᠠᠨᠢ ᠳᠤ ᠣᠷᠣ ᠬᠥᠨᠵᠢᠯᠡ ᠶᠢᠨ ᠳᠠᠪᠤᠤ ᠠᠪᠤᠭᠠᠳ ᠢᠷᠡᠶ᠎ᠡ ᠲᠠ ᠬᠠᠷᠢᠨ ᠬᠡᠦᠬᠡᠳ ᠦᠳ ᠲᠡᠭᠡᠨ ᠬᠡᠯᠡ ᠬᠦᠷᠭᠡᠭᠡᠳᠡᠬᠦ ᠳᠤᠭ ᠢᠶᠠᠷ ᠨᠢ ᠪᠠᠶᠢᠭ᠎ᠠ ᠤᠤ ᠭᠡᠵᠦ ᠠᠰᠠᠭᠤᠵᠤ ᠳᠠᠭᠤᠰᠤᠭ᠎ᠠ ᠦᠭᠡᠢ ᠪᠠᠶᠢᠬᠤ ᠳᠤ ᠡᠮᠡᠭᠡ ᠶᠢᠨ ᠨᠢᠳᠦᠨ ᠳᠦ ᠨᠢᠯᠪᠤᠰᠤ ᠴᠡᠶᠢᠯᠡᠭᠡᠨᠡᠵᠦ ᠦᠷᠴᠢᠯᠡᠭᠡ ᠲᠡᠢ ᠵᠣᠪᠬᠢᠨ ᠦ ᠬᠢᠨ ᠵᠠᠪᠰᠠᠷ ᠢᠶᠠᠷ ᠨᠢᠯᠪᠤᠰᠤ ᠨᠢ ᠬᠠᠷ᠎ᠠ ᠠᠶᠠᠨ ᠳᠤ ᠪᠠᠨ ᠤᠷᠤᠰᠴᠤ ᠮᠣᠨᠢᠢᠭᠰᠠᠨ ᠮᠠᠭᠤ ᠭᠠᠷ ᠢᠶᠠᠷ ᠢᠶᠠᠨ ᠨᠢᠯᠪᠤᠰᠤ ᠪᠠᠨ ᠠᠷᠴᠢᠨ ᠬᠡᠪᠲᠡᠯ᠎ᠡ ᠃ ᠢᠢᠪᠡᠢ ᠳᠦ ᠪᠡᠨ ᠣᠳᠣ ᠯᠠ ᠨᠢᠭᠡ ᠡᠪᠡᠳᠦᠭᠰᠡᠨ ᠢᠶᠡᠨ ᠮᠡᠳᠡᠵᠦ ᠡᠪᠡᠳᠦᠭᠰᠡᠨ ᠳᠦ ᠪᠡᠨ ᠪᠣᠯᠤᠭᠠᠳ ᠤᠬᠢᠯᠠᠵᠤ ᠪᠠᠶᠢᠭ᠎ᠠ ᠶᠠᠭᠤᠮᠤ…ᠦᠭᠡᠢ ᠡ ᠨᠠᠳᠠ ᠳᠡᠭᠡᠷ᠎ᠡ ᠢᠷᠡᠬᠦ ᠦᠷ᠎ᠡ ᠪᠠᠶᠢᠬᠤ ᠦᠭᠡᠢ ᠶᠤᠮ᠃ 

ᠡᠮᠡᠭᠡ ᠶᠢᠨ ᠳᠤᠮᠳᠠ ᠴᠢᠮᠦᠭᠡ ᠬᠤᠭᠤᠷᠠᠭᠰᠠᠨ᠃ ᠤᠰᠤᠨ ᠳᠤ ᠶᠠᠪᠤᠵᠤ ᠪᠠᠶᠢᠭᠠᠳ ᠪᠦᠳᠦᠷᠢᠵᠦ ᠤᠨᠠᠭᠠᠳ ᠳᠤᠮᠳᠠ ᠴᠢᠮᠦᠭᠡ ᠪᠡᠨ ᠬᠤᠭᠤᠯᠵᠠᠢ᠃ ᠲᠡᠷᠡ ᠬᠠᠪᠢ ᠳᠤ ᠪᠠᠶᠢᠭᠰᠠᠨ ᠬᠦᠮᠦᠰ ᠭᠡᠮᠲᠦᠯ ᠦᠨ ᠡᠮᠨᠡᠯᠭᠡ ᠳᠦ ᠠᠪᠴᠢᠷᠠᠵᠤ ᠬᠦᠷᠭᠡᠵᠦ ᠥᠭᠭᠦᠭᠰᠡᠨ᠃ ᠡᠮᠡᠭᠡ ᠶᠢᠨ ᠭᠡᠷ ᠳᠠᠯᠠᠨ ᠳᠠᠪᠬᠤᠷ ᠤᠨ ᠲᠡᠨᠳᠡ ᠪᠠᠶᠢᠳᠠᠭ᠃ ᠭᠠᠭᠴᠠᠭᠠᠷ ᠢᠶᠠᠨ ᠠᠮᠢᠳᠤᠷᠠᠳᠠᠭ ᠃ ᠡᠪᠡᠳᠴᠢᠨ ᠦ ᠲᠡᠦᠬᠡᠨ ᠳ᠋ᠡᠬᠢ ᠶᠡᠷᠦᠩᠬᠡᠢ ᠲᠡᠮᠳᠡᠭᠯᠡᠯ ᠨᠢ ᠶᠡᠷᠦ ᠳᠡᠭᠡᠨ ᠯᠠ ᠡᠨᠡ᠃ 

ᠰᠤᠪᠢᠯᠠᠭᠴᠢ ᠡᠮᠴᠢ ᠬᠣᠶᠠᠷ ᠣᠷᠣᠵᠤ ᠢᠷᠡᠭᠡᠳ ᠡᠮᠡᠭᠡ ᠶᠢ ᠪᠠᠬᠠᠨ ᠰᠢᠯᠭᠠᠭᠠᠯ᠎ᠠ ᠃ ᠪᠠᠰᠠ ᠡᠮᠡᠭᠡ ᠶᠢ ᠬᠠᠭᠠᠯᠭᠠᠨ ᠳᠤ ᠤᠷᠤᠬᠤ ᠶᠣᠰᠣᠲᠠᠢ ᠶᠢ ᠂ ᠡᠷᠡᠭᠦᠯ ᠮᠡᠨᠳᠦ ᠶᠢᠨ ᠳᠡᠪᠲᠡᠷ ᠪᠢᠴᠢᠭ ᠪᠠᠷᠢᠮᠲᠠ ᠪᠠᠨ ᠠᠪᠴᠢᠷᠠᠭᠤᠯᠬᠤ ᠶᠣᠰᠣᠲᠠᠢ ᠶᠢ᠂ ᠬᠠᠮᠤᠭ ᠤᠨ ᠬᠡᠷᠡᠭ ᠲᠡᠢ ᠨᠢ ᠬᠡᠦᠬᠡᠳ ᠦᠳ ᠭᠡᠷ ᠡᠴᠡ ᠨᠢ ᠬᠦᠮᠦᠨ ᠢᠷᠡᠬᠦ ᠮᠥᠨ ᠰᠠᠬᠢᠭᠤᠷ ᠬᠡᠷᠡᠭᠲᠡᠢ ᠶᠢ ᠬᠡᠯᠡᠯ᠎ᠡ᠃ ᠬᠡᠨ ᠴᠤ ᠬᠠᠮᠢᠶ᠎ᠠ ᠦᠭᠡᠢ ᠡ ᠲᠠ ᠬᠦᠮᠦᠨ ᠳᠠᠭᠤᠳᠠ ᠭᠡᠯ᠎ᠡ᠃ ᠪᠠᠶᠢᠬᠤ ᠦᠭᠡᠢ ᠢᠷᠡᠬᠦ ᠦᠭᠡᠢ ᠡᠩᠭᠡᠷ ᠲᠦ ᠪᠡᠨ ᠰᠦ᠋ ᠤᠷᠤᠰᠬᠠᠵᠤ ᠬᠣᠷᠮᠣᠢ ᠳᠤ ᠪᠠᠨ ᠴᠢᠰᠤ ᠤᠷᠤᠰᠬᠠᠵᠤ ᠲᠥᠷᠦᠭᠦᠯᠦᠭᠰᠡᠨ ᠭᠠᠭᠴᠠ ᠦᠷ᠎ᠡ ᠨᠢ ᠱᠣᠷᠣᠩ ᠳᠤ ᠪᠠᠶᠢᠭ᠎ᠠ ᠵᠡᠭᠦᠨᠬᠠᠷ᠎ᠠ ᠶᠢᠨ ᠱᠣᠷᠣᠩ ᠳᠤ ᠪᠠᠶᠢᠭ᠎ᠠ ᠃ ᠲᠠᠪᠤᠨ ᠵᠢᠯ ᠦᠨ ᠡᠮᠦᠨ᠎ᠡ ᠬᠥᠩᠭᠡᠨ ᠰᠢᠩᠭᠡᠨ ᠪᠠᠶᠢᠬᠤ ᠳᠤ ᠪᠠᠨ ᠬᠦᠦ ᠳᠡᠭᠡᠷ᠎ᠡ ᠪᠡᠨ ᠣᠴᠢᠵᠤ ᠡᠯᠢᠭᠡ ᠪᠡᠨ ᠨᠢᠭᠡ ᠳᠡᠪᠲᠦᠭᠡᠭᠰᠡᠨ᠃ ᠡᠮᠡᠭᠡ ᠨᠠᠪᠰᠠᠷᠬᠠᠢ ᠨᠣᠭᠣᠭᠠᠨ ᠳᠡᠪᠡᠯ ᠲᠡᠢ᠂ ᠪᠤᠷᠢᠶᠠᠳ ᠭᠤᠲᠤᠯ ᠨᠢ ᠪᠦᠷ ᠶᠠᠨᠵᠢᠢᠵᠤ ᠵᠠᠵᠢᠢᠭᠰᠠᠨ᠂ ᠰᠢᠩᠭᠡᠨ ᠤᠷᠲᠤ ᠪᠤᠭᠤᠷᠤᠯ ᠦᠰᠦ ᠪᠡᠨ ᠰᠦᠯᠵᠢᠭᠰᠡᠨ᠂ ᠤᠯᠠᠭᠠᠨ ᠡᠷᠢᠶᠡᠨ ᠠᠯᠴᠢᠭᠤᠷ ᠲᠣᠯᠣᠭᠠᠢ ᠳᠤ ᠪᠠᠨ ᠪᠣᠭᠣᠭᠰᠠᠨ ᠃ ᠡᠮᠧ ᠶᠢᠨ ᠨᠠᠰᠤ 75 ᠃ ᠡᠳᠦᠢ 75 ᠨᠠᠰᠤᠨ ᠳᠡᠭᠡᠷ᠎ᠡ ᠪᠡᠨ ᠰᠡᠭᠦᠵᠢᠨ ᠡᠭᠡᠮᠦᠭ ᠰᠠᠨᠵᠢᠭᠢᠨᠠᠭᠤᠯᠤᠭᠠᠳ ᠨᠠᠮᠪᠠᠶᠢᠵᠤ ᠰᠠᠭᠤᠵᠤ ᠪᠠᠶᠢᠬᠠᠭᠰᠠᠨ ᠃ ᠶᠠᠮᠠᠷ ᠰᠠᠶᠢᠨ ᠳᠤ ᠪᠠᠨ ᠯᠠ ᠤᠰᠤᠨ ᠳᠤ ᠰᠠᠯᠭᠠᠯᠠᠵᠤ ᠶᠠᠪᠤᠪᠠ ᠳ᠋ᠡ᠃ ᠦᠭᠡᠢ ᠡ ᠲᠡᠭᠡᠭᠡᠳ ᠲᠡᠷᠡ ᠬᠠᠪᠢ ᠤᠨ ᠬᠠᠵᠠᠭᠤ ᠪᠠᠷ ᠨᠢ ᠶᠠᠪᠤᠵᠤ ᠪᠠᠶᠢᠭᠰᠠᠨ ᠬᠦᠮᠦᠰ ᠶᠠᠳᠠᠷᠠᠭᠰᠠᠨ ᠮᠠᠭᠤ ᠡᠮᠡᠭᠡ ᠶᠢ 2 ᠬᠤᠪᠢᠩ ᠲᠠᠢ ᠤᠰᠤ ᠴᠦᠯ ᠫᠠᠯ ᠬᠢᠯᠭᠡᠭᠡᠳ ᠠᠷᠠᠢ ᠶᠠᠳᠠᠨ ᠶᠠᠪᠤᠬᠤ ᠳᠤ ᠨᠢ ᠠᠯᠢᠪ ᠡᠮᠧ ᠪᠢ ᠡᠷᠭᠦᠭᠡᠳ ᠥᠭᠭᠦᠶ᠎ᠡ ᠭᠡᠬᠦ ᠬᠦᠮᠦᠨ ᠪᠠᠶᠢᠭ᠎ᠠ ᠦᠭᠡᠢ ᠶᠠᠭᠤᠮ᠎ᠠ ᠪᠠᠶᠢᠬᠤ ᠳᠤ ᠪᠠᠨ᠃ ᠬᠦᠮᠦᠰ ᠪᠥᠭᠡᠮ ᠢᠶᠡᠷ ᠢᠶᠡᠨ ᠯᠠ ᠬᠦᠮᠦᠨ ᠴᠢᠨᠠᠷ ᠢᠶᠠᠨ ᠨᠢᠭᠡ ᠭᠠᠵᠠᠷ ᠭᠡᠴᠢᠵᠦ ᠃ ᠤᠨᠠᠴᠢᠭᠠᠳ ᠪᠣᠰᠴᠤ ᠴᠢᠳᠠᠬᠤ ᠦᠭᠡᠢ ᠶᠣᠣᠯᠠᠭᠠᠳ ᠤᠳᠠᠭᠠᠨ ᠬᠡᠪᠲᠡᠭᠡᠳ ᠪᠠᠶᠢᠬᠤ ᠪᠠᠷ ᠨᠢ ᠬᠦᠮᠦᠰ ᠠᠩᠵᠠᠭᠠᠷᠠᠵᠤ ᠲᠤᠰᠠᠯᠠᠭᠰᠠᠨ ᠭᠡᠨ᠎ᠡ ᠃


ᠡᠮᠡᠭᠡ 5 ᠍ ᠶᠢᠨ ᠬᠣᠶᠠᠷ ᠬᠤᠪᠢᠨ ᠳᠤ ᠪᠠᠨ ᠯᠠ ᠰᠠᠨᠠᠭ᠎ᠠ ᠵᠣᠪᠠᠭᠠᠳ ᠪᠠᠶᠢᠭᠰᠠᠨ᠃ ᠲᠡᠷᠡ ᠬᠤᠪᠢᠩ ᠶᠠᠭᠠᠬᠢᠪᠠ ᠡᠮᠡᠭᠡ ᠮᠢᠨᠢ ᠭᠡᠷ ᠡᠴᠡ ᠴᠢᠨᠢ ᠣᠶᠢᠷ᠎ᠠ ᠵᠠᠭᠤᠷ᠎ᠠ ᠶᠢᠨ ᠶᠠᠭᠤᠮ᠎ᠠ ᠠᠪᠴᠢᠷᠠᠬᠤ ᠬᠦᠮᠦᠨ ᠨᠡᠭᠡᠷᠡᠨ ᠪᠠᠶᠢᠬᠤ ᠦᠭᠡᠢ ᠶᠠᠭᠤᠮᠤ? ᠡᠨᠡ ᠠᠰᠠᠭᠤᠯᠲᠠ ᠶᠢ ᠶᠠᠭᠠᠬᠢᠭᠰᠠᠨ ᠶᠡᠬᠡ ᠠᠰᠠᠭᠤᠳᠠᠭ ᠶᠤᠮ ᠪᠤᠢ? ᠠᠰᠠᠭᠤᠬᠤ ᠪᠣᠯᠭᠠᠨ ᠳᠤ ᠨᠢ ᠬᠡᠯᠡᠬᠦ ᠦᠭᠡ ᠦᠭᠡᠢ ᠨᠢᠳᠦ ᠨᠢ ᠪᠦᠯᠲᠡᠭᠡᠨᠡᠭᠡᠳ ᠥᠷᠥᠪᠳᠥᠮᠡᠷ᠃ ᠪᠠᠶᠢᠭᠰᠠᠨ ᠪᠣᠯ ᠠᠯᠢ ᠬᠡᠳᠦᠶᠢᠨ ᠢᠷᠡᠴᠢᠬᠡ ᠪᠠᠶᠢᠭᠰᠠᠨ ᠪᠢᠵᠡ ᠳ᠋ᠡ᠃ ᠡᠵᠢ ᠶᠢ ᠪᠢ ᠨᠢᠳᠦ ᠪᠡᠷ ᠢᠶᠡᠨ ᠪᠣᠯᠢ ᠭᠡᠵᠦ ᠳᠣᠬᠢᠯ᠎ᠠ᠃ 

ᠡᠮᠡᠭᠡ ᠶᠠᠭᠤᠮ᠎ᠠ ᠤᠭᠤᠬᠤ ᠴᠠᠩᠭᠠᠵᠤ ᠪᠠᠶᠢᠨ᠎ᠠ ᠤᠤ ᠡᠰᠡᠪᠡᠯ ᠠᠰᠠᠭᠤᠬᠤ ᠦᠭᠡᠢ ᠬᠢᠭᠡᠳ ᠥᠭᠬᠦ ᠡᠴᠡ ᠨᠠᠰᠢ ᠡᠮᠡᠭᠡ ᠳᠦ ᠪᠡᠨ ᠤᠤᠭᠤᠬᠤ ᠶᠤᠮ ᠭᠡᠵᠦ ᠳᠤᠤᠭᠠᠷᠬᠤ ᠦᠭᠡᠢ᠃ ᠪᠣᠳᠣᠪᠠᠯ ᠰᠠᠨᠠᠭ᠎ᠠ ᠵᠣᠪᠠᠭᠠᠳ ᠬᠦᠨᠳᠦ ᠲᠥᠪᠡᠭ ᠤᠳᠤᠬᠤ ᠦᠭᠡᠢ ᠶᠤᠮ ᠰᠢᠦ ᠭᠡᠰᠡᠨ ᠪᠣᠳᠣᠯ ᠲᠠᠢ ᠪᠠᠶᠢᠬᠤ ᠰᠢᠭ᠃ ᠵᠦᠭᠡᠷ  ᠡ ᠡᠮᠡᠭᠡ ᠬᠦᠮᠦᠰ ᠬᠦᠮᠦᠨ ᠴᠢᠨᠠᠷ ᠢᠶᠠᠨ ᠪᠥᠭᠡᠮ ᠢᠶᠡᠷ ᠢᠶᠡᠨ ᠭᠡᠭᠡᠵᠦ ᠪᠠᠶᠢᠬᠤ ᠳᠤ ᠬᠠᠵᠠᠭᠤ ᠳᠤ ᠴᠢᠨᠢ ᠪᠠᠶᠢᠭ᠎ᠠ ᠬᠦᠮᠦᠰ ᠭᠡᠭᠡᠭᠡ ᠦᠭᠡᠢ ᠶᠠᠭᠤᠮ᠎ᠠ  ᠡ ᠡᠮᠡᠭᠡ ᠮᠢᠨᠢ᠃ 

ᠡᠶᠢᠮᠦᠷᠬᠡᠦ ᠪᠠᠶᠢᠳᠠᠯ ᠲᠠᠢ ᠨᠢᠭᠡ ᠬᠣᠨᠣᠯ᠎ᠠ ᠃ ᠪᠢ ᠰᠥᠨᠢ ᠳ᠋ᠡᠭᠡᠨ ᠤᠨᠲᠠᠵᠤ ᠴᠢᠳᠠᠬᠤ ᠦᠭᠡᠢ ᠪᠣᠯᠤᠭᠰᠠᠨ ᠶᠠᠪᠤᠳᠠᠯ ᠳᠤ ᠢᠲᠡᠭᠡᠵᠦ ᠶᠠᠳᠠᠨ ᠥᠪᠡᠷᠲᠡᠭᠡᠨ ᠢᠶᠡᠨ ᠡᠪᠯᠡᠷᠬᠡᠢ ᠶᠢ ᠬᠦᠰᠡᠭᠡᠳ ᠦᠭᠡᠢ ᠪᠣᠳᠣᠯ ᠳᠤ ᠪᠠᠨ ᠳᠠᠷᠤᠭᠳᠠᠨ ᠬᠦᠮᠦᠰ ᠦᠨ ᠤᠨᠲᠠᠵᠤ ᠪᠠᠶᠢᠭ᠎ᠠ ᠶᠢ ᠲᠡᠳᠡ ᠨᠠᠷ ᠲᠤ ᠠᠲᠠᠭᠠᠷᠬᠠᠳᠠᠭ ᠪᠠᠶᠢᠯ᠎ᠠ᠃ ᠭᠡᠲᠡᠯ᠎ᠡ ᠬᠠᠵᠠᠭᠤ ᠳᠤ ᠤᠷᠲᠤ ᠪᠠᠷ ᠰᠠᠨᠠᠭ᠎ᠠ ᠠᠯᠳᠠᠬᠤ ᠰᠣᠨᠣᠰᠤᠭᠳᠠᠯ᠎ᠠ᠃ ᠡᠮᠡᠭᠡ ᠪᠢᠳᠡ 2 ᠯᠠ ᠥᠷᠥᠭᠡᠨ ᠳᠦ ᠤᠨᠲᠠᠭ᠎ᠠ ᠦᠭᠡᠢ ᠨᠣᠶᠢᠷ ᠬᠤᠯᠵᠢᠵᠠᠢ᠃ ᠬᠥᠭᠰᠢᠨ ᠵᠠᠯᠠᠭᠤ 2 ᠨᠢᠭᠡ ᠨᠢ ᠬᠦᠦᠭᠡᠭᠡ ᠪᠣᠳᠣᠵᠤ ᠨᠥᠭᠥᠭᠡ ᠨᠢ ᠥᠭᠡᠷ᠎ᠡ ᠲᠡᠢ ᠪᠡᠨ ᠡᠪᠯᠡᠷᠬᠡ  ᠦᠭᠡᠢ ᠰᠠᠨᠠᠭ᠎ᠠ ᠠᠯᠳᠠᠭᠰᠠᠭᠠᠷ ᠦᠦᠷ ᠴᠠᠶᠢᠯᠭᠠᠳᠠᠭ ᠪᠠᠶᠢᠯ᠎ᠠ᠃ ᠮᠠᠷᠭᠠᠰᠢ ᠨᠢ ᠡᠵᠢ ᠂ ᠥᠷᠥᠭᠡᠨ ᠦ ᠡᠬᠡᠨᠡᠷ ᠢᠶᠡᠨ ᠰᠠᠬᠢᠵᠤ ᠪᠠᠶᠢᠭᠰᠠᠨ ᠠᠬ᠎ᠠ 2 ᠡᠮᠡᠭᠡ ᠶᠢᠨ ᠳᠦ ᠣᠴᠢᠬᠤ ᠪᠠᠷ ᠪᠣᠯᠤᠭᠰᠠᠨ ᠶᠤᠮ᠃ ᠡᠮᠡᠭᠡ 
ᠡᠩᠭᠡᠷ ᠡᠴᠡ ᠪᠡᠨ ᠬᠠᠭᠤᠴᠢᠨ ᠮᠣᠩᠭᠣᠯ ᠴᠣᠣᠵᠢᠨ ᠤ ᠲᠦᠯᠬᠢᠭᠦᠷ ᠭᠠᠷᠭᠠᠵᠤ ᠥᠭᠭᠦᠭᠡᠳ ᠭᠡᠷ ᠢᠶᠡᠨ ᠵᠢᠭᠠᠵᠤ ᠵᠢᠷᠤᠵᠤ ᠨᠥᠭᠥᠭᠡ 2 ᠠᠷᠠᠢ ᠭᠡᠵᠦ ᠤᠶᠢᠯᠠᠭᠠᠬᠤ ᠰᠢᠭ ᠪᠣᠯᠤᠭᠠᠳ ᠶᠠᠪᠤᠯ᠎ᠠ᠃ 4᠂5 ᠴᠠᠭ ᠤᠨ ᠳᠠᠷᠠᠭ᠎ᠠ ᠡᠵᠢ ᠥᠷᠥᠭᠡᠨ ᠦ ᠠᠬ᠎ᠠ ᠬᠣᠶᠠᠷ ᠡᠮᠧ ᠶᠢᠨ ᠣᠶᠢᠷ᠎ᠠ ᠵᠠᠭᠤᠷ᠎ᠠ ᠶᠢᠨ ᠶᠠᠭᠤᠮ᠎ᠠ ᠶᠢ ᠠᠪᠤᠭᠰᠠᠭᠠᠷ ᠠᠷᠠᠢ ᠭᠡᠵᠦ ᠣᠯᠤᠯ᠎ᠠ ᠭᠡᠭᠰᠡᠭᠡᠷ ᠢᠷᠡᠯ᠎ᠡ᠃ ᠪᠦᠷᠢ ᠰᠡᠭᠦᠯ ᠳᠦ ᠳᠠᠷᠠᠭ᠎ᠠ ᠨᠢ ᠪᠢ ᠡᠵᠢ ᠡᠴᠡ ᠡᠮᠡᠭᠡ ᠶᠢᠨ ᠭᠡᠷ ᠶᠠᠮᠠᠷ ᠪᠠᠶᠢᠭᠰᠠᠨ ᠢ ᠠᠰᠠᠭᠤᠭᠰᠠᠨ ᠶᠤᠮ᠃ ᠭᠡᠷ ᠨᠢ ᠶᠠᠭ 70 ᠳᠠᠪᠬᠤᠷ ᠤᠨ ᠬᠠᠵᠠᠭᠤ ᠳᠤ ᠵᠢᠵᠢᠭᠬᠡᠨ ᠬᠠᠰᠢᠶᠠᠨ ᠳᠤ 4 ᠬᠠᠨ᠎ᠠ ᠲᠠᠢ ᠭᠡᠷ ᠲᠡᠢ᠂ ᠭᠡᠷ ᠲᠦ ᠠᠪᠳᠠᠷ᠎ᠠ ᠰᠢᠷᠡᠭᠡ ᠶᠠᠨᠵᠦᠭᠡᠢ ᠰᠠᠨᠳᠠᠯᠢ ᠭᠠᠭᠴᠠ ᠣᠷᠣ ᠲᠠᠢ ᠃ ᠬᠡᠵᠢᠶᠡᠨᠡᠢ ᠴᠡᠪᠡᠷ ᠴᠡᠮᠴᠡᠭᠡᠷ ᠲᠦ ᠳᠤᠷᠠᠲᠠᠢ ᠡᠵᠢ ᠮᠠᠨᠢ ᠭᠡᠷ ᠨᠢ ᠬᠠᠷᠢᠨ ᠶᠡᠬᠡ ᠴᠡᠪᠡᠷᠬᠡᠨ ᠡᠮᠬᠢ ᠴᠡᠭᠴᠡ ᠲᠡᠢ ᠶᠤᠮ ᠪᠢᠯᠡ ᠭᠡᠯ᠎ᠡ᠃ ᠠᠪᠳᠠᠷ᠎ᠠ ᠠᠴᠠ ᠨᠢ ᠡᠮᠡᠭᠡ ᠶᠢᠨ ᠪᠢᠴᠢᠭ ᠪᠠᠷᠢᠮᠲᠠ ᠶᠢ ᠠᠪᠬᠤ ᠭᠡᠳ ᠣᠩᠭᠣᠶᠢᠯᠭᠠᠬᠤ ᠳᠤ ᠡᠷᠡᠭᠲᠡᠢ ᠬᠦᠮᠦᠨ ᠦ ᠰᠢᠨ᠎ᠡ ᠳᠡᠪᠡᠯ᠂ ᠪᠥᠰᠡ᠂ ᠭᠤᠲᠤᠯ ᠪᠠᠶᠢᠭᠰᠠᠨ ᠭᠡᠨ᠎ᠡ ᠪᠣᠳᠣᠪᠠᠯ ᠬᠦᠦ ᠳᠦ ᠪᠡᠨ ᠬᠡᠵᠢᠶ᠎ᠡ ᠨᠢᠭᠡ ᠡᠳᠦᠷ ᠡᠮᠦᠰᠦᠭᠦᠯᠦᠨ᠎ᠡ ᠳ᠋ᠡ ᠭᠡᠵᠦ ᠪᠡᠯᠡᠳᠦᠭᠰᠡᠨ ᠪᠠᠶᠢᠬ᠎ᠠ᠃ ᠡᠬᠡ ᠬᠦᠮᠦᠨ ᠦ ᠰᠡᠳᠬᠢᠯ  ᠡ ᠭᠡᠵᠦ… 

ᠮᠠᠨ ᠤ ᠥᠷᠦᠭᠡᠨ ᠳᠦ ᠪᠠᠰᠠ ᠨᠢᠭᠡ ᠡᠮᠡᠭᠡ ᠪᠠᠶᠢᠭᠰᠠᠨ ᠶᠤᠮ ᠃ ᠲᠡᠷᠡ ᠡᠮᠡᠭᠡ ᠶᠢ ᠬᠡᠦᠬᠡᠳ ᠦᠳ ᠨᠢ ᠡᠭᠡᠯᠵᠢᠯᠡᠵᠦ ᠰᠠᠬᠢᠨ᠎ᠠ ᠃ ᠠᠴᠢ ᠵᠢᠭᠡ ᠨᠠᠷ ᠨᠢ ᠢᠷᠡᠭᠡᠳ ᠳᠠᠭᠤᠰᠳᠠᠭ ᠦᠭᠡᠢ᠃ ᠤᠲᠠᠰᠤ ᠪᠠᠷ ᠴᠢᠩᠭ᠎ᠠ ᠴᠢᠩᠭ᠎ᠠ ᠶᠠᠷᠢᠨ᠎ᠠ᠃ ᠲᠡᠭᠡᠭᠡᠯ ᠮᠠᠨ ᠤ ᠥᠬᠢᠨ ᠠᠩᠯᠢ ᠠᠴᠠ ᠶᠠᠷᠢᠵᠤ ᠪᠠᠶᠢᠨ᠎ᠠ᠂ ᠮᠠᠨ ᠤ ᠬᠦᠦ ᠰᠣᠯᠣᠩᠭᠣᠰ ᠠᠴᠠ ᠶᠠᠷᠢᠵᠤ ᠪᠠᠶᠢᠨ᠎ᠠ ᠤᠤ ᠵᠠᠬᠢᠬᠤ ᠤᠤ ᠭᠡᠵᠦ ᠪᠠᠶᠢᠨ᠎ᠠ ᠭᠡᠳ ᠯᠠ ᠣᠩᠭᠢᠷᠠᠨ᠎ᠠ᠃ ᠦᠷ᠎ᠡ ᠬᠡᠦᠬᠡᠳ ᠲᠦ ᠪᠡᠨ ᠡᠷᠬᠢᠯᠡᠭᠰᠡᠨ ᠲᠠᠩᠰᠤᠭ ᠡᠮᠡᠭᠡ ᠪᠠᠶᠢᠯ᠎ᠠ᠃ ᠲᠡᠷᠡ ᠡᠮᠡᠭᠡ ᠶᠢᠨ ᠰᠢᠭᠦᠭᠡᠨ ᠳᠡᠭᠡᠷ᠎ᠡ ᠰᠢᠬᠢᠷ ᠵᠢᠮᠢᠰ ᠪᠣᠣᠪᠣ ᠤᠮᠳᠠᠭ᠎ᠠ ᠫᠢᠭ ᠥᠷᠦᠭᠡᠰᠦᠲᠡᠢ᠃ ᠬᠠᠷᠢᠨ ᠶᠠᠳᠠᠷᠠᠭᠰᠠᠨ ᠮᠠᠭᠤ ᠡᠮᠡᠭᠡ ᠶᠢᠨ ᠰᠢᠭᠦᠭᠡᠨ ᠳᠡᠭᠡᠷ᠎ᠡ ᠪᠣᠷᠣ ᠲᠠᠭᠰᠢ᠂ ᠨᠢᠭᠡ ᠬᠠᠯᠪᠠᠭ᠎ᠠ᠂ ᠸᠠᠷᠶᠠᠨ ᠦ ᠰᠢᠯ ᠲᠡᠢ ᠤᠰᠤ ᠲᠡᠭᠡᠭᠡ ᠯᠠ ᠪᠣᠯᠤᠭ᠎ᠠ… ᠠᠮᠢᠳᠤᠷᠠᠯ ᠭᠡᠳᠡᠭ ᠬᠠᠳ᠋ᠭᠤᠷᠬᠠᠬᠤ ᠬᠦᠩ ᠳᠦ ᠪᠡᠨ ᠳᠡᠩᠳᠡᠭᠦᠦ ᠬᠠᠲᠠᠭᠤᠷᠬᠠᠵᠤ ᠬᠠᠶᠢᠷᠠᠲᠠᠢ ᠭᠡᠰᠡᠨ ᠪᠣᠯᠭᠠᠨ ᠢ ᠨᠢ ᠪᠤᠯᠢᠶᠠᠵᠤ ᠬᠠᠳᠤᠭᠰᠠᠨ ᠨᠢᠯᠪᠤᠰᠤ᠂ ᠳᠠᠩ ᠲᠡᠷᠯᠢᠭ ᠲᠡᠢ ᠦᠯᠡᠳᠡᠭᠡᠵᠦ ᠴᠢᠳᠠᠳᠠᠭ ᠯᠠ ᠶᠤᠮ ᠪᠠᠶᠢᠨ᠎ᠠ᠃ ᠦᠬᠢᠳ ᠤᠳ ᠪᠡᠶ᠎ᠡ ᠪᠡᠶᠡᠳᠡᠭᠡᠨ ᠠᠲᠠᠭᠠᠷᠬᠠᠳᠠᠭ ᠰᠢᠭ ᠡᠨᠡ ᠡᠮᠧ ᠣᠯᠠᠨ ᠬᠡᠦᠬᠡᠳ ᠲᠡᠢ ᠡᠮᠡᠭᠡ ᠳᠦ ᠠᠲᠠᠭᠠᠷᠬᠠᠳᠠᠭ ᠪᠣᠯᠪᠠ ᠤᠤ ᠭᠡᠵᠦ ᠬᠠᠶᠠ ᠪᠣᠳᠣᠨ᠎ᠠ᠃ 

ᠡᠮᠡᠭᠡ ᠨᠠᠳᠠ ᠳᠤ ᠵᠠᠯᠠᠭᠤ ᠨᠠᠰᠤ ᠪᠠᠨ ᠶᠠᠷᠢᠭᠰᠠᠨ ᠶᠤᠮ᠃ ᠣᠯᠠᠨ ᠬᠡᠦᠬᠡᠳ ᠲᠡᠢ ᠪᠠᠶᠢᠵᠤ ᠪᠣᠯᠬᠤ ᠪᠠᠶᠢᠭᠰᠠᠨ ᠴᠤ ᠨᠠᠰᠤᠨ ᠤ ᠭᠠᠭᠴᠠ ᠬᠠᠨᠢ ᠪᠠᠨ ᠬᠦᠯᠢᠶᠡᠵᠦ ᠡᠩᠭᠡᠷ ᠲᠦ ᠪᠡᠨ ᠬᠦᠦ ᠪᠡᠨ ᠲᠡᠪᠡᠷᠢᠵᠦ ᠵᠠᠯᠠᠭᠤ ᠨᠠᠰᠤ ᠪᠠᠨ ᠪᠠᠷᠠᠭᠰᠠᠨ ᠶᠤᠮ ᠭᠡᠨ᠎ᠡ᠃ ᠡᠮᠡᠭᠡ ᠶᠢᠨ ᠪᠠᠷ᠎ᠠ ᠪᠠᠶᠢᠳᠠᠯ ᠢ ᠬᠠᠷᠠᠪᠠᠯ ᠵᠠᠯᠠᠭᠤ ᠳᠤ ᠪᠠᠨ ᠶᠡᠬᠡᠯ᠎ᠡ ᠰᠠᠶᠢᠬᠠᠨ ᠬᠡᠦᠬᠡᠨ ᠪᠠᠶᠢᠭᠰᠠᠨ ᠪᠠᠶᠢᠬ᠎ᠠ ᠃ ᠥᠨᠳᠦᠷ ᠨᠢᠷᠤᠭᠤ ᠲᠠᠢ᠂ ᠤᠷᠲᠤᠬᠠᠨ ᠭᠡᠵᠢᠭᠡ ᠲᠡᠢ᠂ ᠲᠣᠮᠣ ᠠᠯᠠᠭ ᠨᠢᠳᠦ ᠲᠡᠢ ᠬᠠᠷᠠᠭᠠᠳ ᠬᠠᠨᠤᠮ ᠦᠭᠡᠢ ᠰᠠᠶᠢᠬᠠᠨ ᠬᠡᠦᠬᠡᠨ᠂ ᠬᠦᠷᠬᠦ ᠋ᠳᠦ ᠬᠣᠯᠠ ᠳᠠᠭᠢᠨᠢ ᠯᠠ ᠭᠡᠰᠡᠨ ᠦᠭᠡ᠃ ᠲᠣᠭᠠᠯᠠᠭᠠᠳ ᠪᠠᠷᠠᠰᠢ ᠦᠭᠡᠢ ᠮᠠᠯ ᠲᠠᠢ᠂ ᠲᠥᠭᠡᠯᠡᠭᠡᠳ ᠪᠠᠷᠠᠰᠢ ᠦᠭᠡᠢ ᠨᠤᠲᠤᠭ ᠲᠤ ᠠᠯᠳᠠᠷᠲᠤ ᠪᠠᠶᠠᠨ ᠤ ᠭᠠᠭᠴᠠ ᠡᠷᠬᠡ ᠬᠣᠩᠭᠣᠷ ᠦᠬᠢᠨ ᠶᠤᠮᠰᠠᠨᠵᠢ᠃ 

-ᠪᠢ ᠪᠠᠭ᠎ᠠ ᠳᠤ ᠪᠠᠨ ᠠᠪᠤ ᠶᠢᠨ ᠭᠡᠷ ᠲᠦ ᠵᠢᠷᠭᠠᠯ ᠢᠶᠠᠨ ᠡᠳ᠋ᠯᠡᠭᠰᠡᠨ ᠶᠠᠭᠠᠬᠢᠪᠡ ᠭᠣᠮᠣᠳᠠᠬᠤ ᠶᠠᠭᠤᠮ᠎ᠠ ᠦᠭᠡᠢ ᠡ ᠠᠮᠢᠳᠤᠷᠠᠯ ᠳᠤ ᠭᠡᠵᠦ ᠬᠡᠯᠬᠦ ᠳᠦ… ᠨᠠᠳᠠ ᠳᠤ ᠬᠦᠮᠦᠨ ᠵᠠᠪᠠᠯ ᠵᠢᠷᠭᠠᠵᠤ ᠵᠣᠪᠠᠵᠤ ᠵᠢᠷᠭᠠᠵᠤ ᠵᠣᠪᠠᠬᠤ ᠶᠣᠰᠣᠲᠠᠢ ᠶᠤᠮ ᠪᠣᠯᠪᠠᠤ? ᠶᠠᠭᠠᠬᠢᠭᠠᠳ ᠳᠠᠩᠳᠠ ᠵᠢᠷᠭᠠᠵᠤ ᠪᠣᠯᠳᠠᠭ ᠦᠭᠡᠢ ᠶᠤᠮ ᠪᠤᠢ? ᠪᠢ ᠲᠡᠭᠡᠪᠡᠯ ᠬᠡᠦᠬᠡᠳ ᠪᠠᠶᠢᠬᠤ ᠳᠤ ᠪᠠᠨ ᠴᠤ ᠵᠣᠪᠠᠭᠰᠠᠨ ᠬᠡᠦᠬᠡᠨ ᠨᠠᠰᠤᠨ ᠳᠡᠭᠡᠷ᠎ᠡ ᠪᠡᠨ ᠵᠢᠷᠭᠠᠬᠤ ᠨᠢ ᠭᠡᠰᠡᠨ ᠡᠪᠡᠳᠦᠭᠡᠳ ᠵᠣᠪᠠᠵᠤ ᠪᠠᠶᠢᠨ᠎ᠠ᠂ ᠲᠡᠭᠡᠭᠡᠳ ᠪᠢ ᠡᠮᠡᠭᠡ ᠪᠣᠯᠤᠭᠰᠠᠨ ᠴᠠᠭ ᠲᠤ ᠪᠠᠨ ᠨᠢᠭᠡ ᠵᠢᠷᠭᠠᠬᠤ ᠶᠠᠭᠤᠮᠤ ? 

ᠦᠭᠡᠢ ᠪᠢ ᠬᠡᠦᠬᠡᠨ ᠨᠠᠰᠤᠨ ᠳᠡᠭᠡᠷ᠎ᠡ ᠪᠡᠨ ᠭᠣᠸ᠎ᠠ ᠰᠠᠶᠢᠬᠠᠨ ᠭᠠᠩᠬᠠᠵᠤ ᠶᠠᠪᠤᠳᠠᠭ ᠵᠠᠯᠠᠭᠤ ᠨᠠᠰᠤᠨ ᠳᠤ ᠪᠠᠨ ᠵᠢᠷᠭᠠᠮᠠᠷ ᠪᠠᠶᠢᠨ᠎ᠠ᠃ ᠵᠦᠭᠡᠷ  ᠡ ᠬᠣᠷᠢᠬᠠᠨ ᠵᠢᠯ ᠵᠠᠯᠠᠭᠤ ᠨᠠᠰᠤᠨ ᠳᠤ ᠪᠠᠨ ᠵᠢᠷᠭᠠᠭᠠᠳ ᠦᠬᠦᠬᠦ ᠳᠦ ᠨᠠᠳᠠ ᠳᠤ ᠭᠣᠮᠣᠳᠠᠯ ᠦᠭᠡᠢ᠃ ᠪᠢ ᠨᠠᠶᠢᠮᠠᠭᠠᠯᠴᠠᠶ᠎ᠠ ᠲᠡᠭᠡᠬᠦ ᠪᠤᠷᠬᠠᠨ᠃ ᠪᠢ ᠲᠠᠨ ᠳᠤ ᠡᠮᠡᠭᠡ ᠨᠠᠰᠤ ᠪᠠᠨ ᠥᠭᠭᠦᠶ᠎ᠡ ᠨᠠᠳᠠ ᠳᠤ ᠬᠠᠷᠢᠨ ᠬᠣᠷᠢᠬᠠᠨ ᠵᠢᠯ ᠦᠨ ᠵᠢᠷᠭᠠᠯ ᠥᠭᠴᠢᠬᠡ᠃ ᠲᠠ ᠨᠠᠳᠠ ᠳᠤ ᠰᠢᠳᠤᠷᠭᠤ ᠪᠤᠰᠤ ᠬᠠᠨᠳᠤᠭᠰᠠᠨ ᠢᠶᠠᠨ ᠮᠡᠳᠡᠵᠦ ᠪᠠᠶᠢᠭ᠎ᠠ ᠪᠢᠵᠡ ᠳᠠ ᠃ ᠵᠠ ᠵᠠ ᠠᠷᠪᠠᠨ ᠵᠢᠯ ᠪᠠᠶᠢᠭᠰᠠᠨ ᠴᠤ ᠪᠣᠯᠤᠨ᠎ᠠ᠃ ᠢᠩᠭᠢᠭᠡᠳ ᠴᠤ ᠪᠣᠯᠲᠤᠭᠠᠢ ᠨᠠᠶᠢᠮᠠᠭᠠᠯᠴᠠᠬᠤ ᠶᠤᠮᠰᠠᠨ᠃ 

ᠡᠮᠡᠭᠡ ᠶᠢᠨ ᠨᠠᠰᠤ ᠪᠠᠷ ᠢᠶᠠᠨ ᠬᠦᠯᠢᠶᠡᠭᠰᠡᠨ ᠬᠦᠮᠦᠨ ᠨᠢ ᠣᠷᠣᠰ ᠵᠠᠯᠠᠭᠤ ᠪᠠᠶᠢᠵᠠᠢ᠃ ᠲᠡᠷᠡ ᠦᠶ᠎ᠡ ᠳᠦ ᠲᠡᠮᠦᠷ ᠵᠠᠮ ᠪᠠᠷᠢᠵᠤ ᠪᠠᠶᠢᠭᠰᠠᠨ ᠣᠷᠣᠰ ᠤᠨ ᠢᠨᠵᠧᠨᠡᠷ ᠵᠠᠯᠠᠭᠤ᠃ ᠬᠠᠯᠬ᠎ᠠ ᠶᠢᠨ ᠰᠠᠶᠢᠬᠠᠨ ᠪᠦᠰᠡᠭᠦᠢ ᠶᠢ ᠥᠪᠡᠷ ᠦᠨ ᠬᠢ ᠪᠣᠯᠭᠠᠭᠰᠠᠨ ᠣᠷᠣᠰ ᠵᠠᠯᠠᠭᠤ ᠬᠣᠶᠠᠷ ᠤᠨ ᠳᠤᠷᠠᠯᠠᠯ ᠨᠤᠲᠤᠭ ᠲᠤ ᠪᠠᠨ ᠪᠥᠭᠡᠮ ᠱᠤᠤᠭᠢᠶᠠᠨ ᠲᠠᠷᠢᠵᠤ᠂ ᠡᠰᠡᠷᠭᠦᠴᠡᠯ ᠶᠡᠬᠡ ᠲᠡᠢ ᠪᠠᠶᠢᠭᠰᠠᠨ ᠰᠢᠦ ᠃ ᠨᠢᠭᠤᠵᠤ ᠬᠠᠭᠠᠵᠤ ᠨᠢᠭᠤᠭᠳᠠᠵᠤ ᠪᠣᠯᠵᠣᠭᠰᠠᠭᠠᠷ ᠣᠷᠣᠰ ᠵᠠᠯᠠᠭᠤ ᠶᠢᠨ ᠨᠤᠲᠤᠭ ᠪᠤᠴᠠᠬᠤ ᠬᠤᠭᠤᠴᠠᠭ᠎ᠠ ᠪᠣᠯᠬᠤ ᠳᠤ ᠰᠠᠶᠢᠬᠠᠨ ᠪᠦᠰᠡᠭᠦᠢ ᠬᠡᠪᠡᠯᠢ ᠳᠦ ᠪᠡᠨ ᠠᠯᠠᠭ ᠤᠷᠤᠭ ᠢ ᠨᠢ ᠠᠮᠢᠯᠠᠭᠤᠯᠵᠤ ᠪᠠᠶᠢᠵᠠᠢ᠃ ᠡᠷᠭᠢᠵᠦ ᠢᠷᠡᠭᠡᠳ ᠠᠪᠤᠭᠠᠳ ᠶᠠᠪᠤᠨ᠎ᠠ ᠭᠡᠳ ᠰᠢᠩᠬᠤᠨ ᠤᠯᠠᠭᠠᠨ ᠤᠷᠤᠭᠤᠯ ᠢ ᠨᠢ ᠦᠨᠦᠰᠦᠭᠡᠳ᠂ ᠬᠡᠪᠡᠯᠢ ᠳ᠋ᠡᠬᠢ ᠦᠷ᠎ᠡ ᠪᠡᠨ ᠴᠢᠩᠨᠠᠵᠤ ᠨᠢᠭᠡ ᠦᠵᠡᠭᠡᠳ ᠢᠲᠡᠭᠡᠯ ᠰᠡᠳᠬᠢᠯ ᠢ ᠨᠢ ᠡᠪᠦᠷᠲᠦᠯᠡᠭᠡᠳ ᠶᠠᠪᠤᠵᠠᠢ᠃ ᠲᠤᠯᠭᠠᠷ ᠪᠡᠶ᠎ᠡ ᠲᠡᠢ ᠪᠦᠰᠡᠭᠦᠢ ᠡᠴᠡ ᠨᠥᠭᠥᠭᠡ ᠦᠬᠦᠯ ᠬᠠᠲᠠᠯ ᠪᠣᠯᠤᠭᠠᠳ ᠠᠷᠤ ᠠᠴᠠ ᠨᠢ ᠭᠦᠶᠦᠭᠡᠳ ᠪᠠᠶᠢᠭᠰᠠᠨ ᠵᠠᠯᠠᠭᠤᠰ ᠵᠠᠢ ᠶᠢ ᠪᠠᠨ ᠪᠠᠷᠢᠵᠤ᠂ ᠠᠪᠠᠭᠠᠢ ᠬᠡᠦᠬᠡᠨ ᠨᠦᠭᠦᠳ ᠲᠣᠯᠣᠭᠠᠢ ᠨᠢ ᠡᠷᠭᠢᠭᠰᠡᠨ ᠡᠭᠡ ᠳᠦ ᠪᠡᠨ ᠯᠠ ᠬᠠᠷᠢ ᠭᠠᠷᠠᠭ ᠤᠨ ᠬᠦᠮᠦᠨ ᠡᠴᠡ ᠵᠢᠷᠮᠦᠰᠦᠨ ᠪᠣᠯᠤᠭᠰᠠᠨ ᠮᠡᠲᠦ ᠶᠠᠷᠢᠨ᠎ᠠ᠃ ᠠᠪᠤ ᠨᠢ ᠵᠢᠮᠡᠯᠡᠵᠦ ᠨᠢᠭᠡ ᠦᠵᠡᠵᠦ ᠠᠷᠭᠠᠳᠠᠵᠤ ᠨᠢᠭᠡ ᠦᠵᠡᠵᠦ ᠬᠦᠮᠦᠨ ᠠᠮᠢᠲᠠᠨ ᠤ ᠬᠡᠯᠡ ᠠᠮᠠ ᠠᠴᠠ ᠬᠣᠯᠠ ᠭᠡᠷ ᠲᠦ ᠨᠢ ᠲᠥᠷᠦᠭᠦᠯᠵᠡᠢ᠃ ᠴᠡᠩᠬᠡᠷ ᠨᠢᠳᠦᠲᠡᠢ ᠰᠢᠷ᠎ᠠ ᠦᠰᠦᠲᠡᠢ ᠣᠷᠣᠰ ᠵᠢᠭᠠᠯ ᠮᠡᠨᠳᠦᠯᠡᠵᠡᠢ᠃ ᠵᠢᠭᠡ ᠪᠡᠨ ᠦᠵᠡᠭᠰᠡᠨ ᠠᠪᠤ ᠡᠵᠢ ᠬᠣᠶᠠᠷ ᠨᠢ ᠨᠢᠯᠬᠠᠷᠴᠢ ᠬᠦᠦ ᠪᠡᠨ ᠲᠡᠪᠡᠷᠢᠭᠰᠡᠨ ᠪᠦᠰᠡᠭᠦᠢ ᠡᠷ᠎ᠡ ᠨᠥᠬᠥᠷ ᠢᠶᠡᠨ ᠣᠷᠣᠭᠠᠳ ᠢᠷᠡᠬᠦ ᠶᠤᠮ ᠰᠢᠭ ᠡᠭᠦᠳᠡ ᠤᠷᠤᠭᠤ ᠪᠡᠨ ᠪᠠᠶᠠᠷᠯᠠᠨ ᠬᠠᠷᠠᠨ᠎ᠠ᠃ 1 ᠵᠢᠯ 2 ᠵᠢᠯ 5 ᠵᠢᠯ ᠥᠩᠭᠡᠷᠡᠭᠰᠡᠨ ᠴᠤ ᠣᠷᠣᠰ ᠵᠠᠯᠠᠭᠤ ᠢᠷᠡᠭᠰᠡᠨ ᠦᠭᠡᠢ᠃ ᠬᠦᠦ ᠪᠠᠨ ᠬᠥᠲᠥᠯᠦᠨ ᠲᠡᠮᠦᠷ ᠵᠠᠮ ᠳᠠᠭᠠᠬᠤ ᠠᠯᠬᠤᠵᠤ᠂ ᠬᠦᠦ ᠨᠢ ᠲᠡᠮᠦᠷ ᠵᠠᠮ ᠳᠡᠭᠡᠷ᠎ᠡ ᠬᠥᠯ ᠳᠦ ᠣᠷᠣᠵᠤ᠃ ᠡᠨᠡ ᠲᠡᠮᠦᠷ ᠵᠠᠮ ᠢ ᠠᠪᠤ ᠨᠢ ᠬᠢᠭᠰᠡᠨ ᠶᠤᠮ ᠢᠩᠭᠢᠭᠡᠳ ᠯᠠ ᠬᠦᠷᠦᠭᠡᠳ ᠢᠷᠡᠨ᠎ᠡ ᠳ᠋ᠡ ᠭᠡᠵᠦ ᠮᠥᠨ ᠴᠤ ᠶᠡᠬᠡ ᠬᠦᠯᠢᠶᠡᠭᠰᠡᠨ ᠳᠡ᠃

ᠠᠪᠤ ᠨᠢ ᠣᠷᠣᠰ ᠵᠢᠭᠡ ᠪᠡᠨ ᠳᠠᠭᠠᠭᠤᠯᠵᠤ ᠨᠤᠲᠤᠭ ᠤᠨ ᠨᠠᠭᠠᠳᠤᠮ ᠳᠤ ᠪᠠᠷᠳᠠᠮ ᠶᠠᠪᠤᠳᠠᠭ ᠪᠣᠯᠪᠠ᠃ ᠶᠠᠭᠠᠳᠠᠭ ᠶᠤᠮ ᠮᠢᠬ᠎ᠠ ᠴᠢᠰᠤᠨ ᠤ ᠮᠢᠨᠢ ᠲᠠᠰᠤᠷᠬᠠᠢ ᠭᠡᠨ᠎ᠡ᠃ ᠬᠡᠦᠬᠡᠨ ᠲᠡᠢ ᠰᠠᠭᠤᠬᠤ ᠵᠠᠯᠠᠭᠤ ᠪᠠᠶᠢᠭᠰᠠᠨ ᠦᠭᠡᠢ᠃ ᠪᠤᠵᠠᠷ ᠪᠤᠯᠠᠢ ᠵᠠᠪᠬᠠᠢ ᠵᠠᠶᠢᠳᠠᠩ ᠢᠶᠠᠷ ᠨᠢ ᠳᠠᠭᠤᠳᠠᠨ᠎ᠠ ᠃ ᠭᠡᠪᠡᠴᠦ ᠳᠣᠲᠣᠷ᠎ᠠ ᠪᠠᠨ ᠡᠨᠡ ᠮᠠᠭᠤ ᠰᠢᠷ᠎ᠠ ᠪᠠᠨᠳᠢ ᠪᠠᠶᠢᠭ᠎ᠠ ᠦᠭᠡᠢ ᠪᠣᠯ ᠠᠪᠤᠭᠠᠳ ᠰᠠᠭᠤᠴᠢᠬ᠎ᠠ ᠶᠤᠮᠰᠠᠨ ᠭᠡᠵᠦ ᠪᠣᠳᠣᠵᠤ ᠶᠠᠪᠤᠳᠠᠭ ᠡᠷ᠎ᠡ ᠥᠴᠢᠨᠡᠨ ᠪᠠᠶᠢᠭᠰᠠᠨ ᠴᠤ ᠵᠣᠷᠢᠭᠯᠠᠭᠰᠠᠨ ᠨᠢ ᠪᠠᠶᠢᠬᠤ ᠦᠭᠡᠢ᠃ ᠪᠦᠰᠡᠭᠦᠢ ᠴᠤ ᠡᠷ᠎ᠡ ᠨᠥᠬᠥᠷ ᠢᠶᠡᠨ ᠬᠦᠯᠢᠶᠡᠵᠦ ᠪᠠᠶᠢᠨ᠎ᠠ ᠭᠡᠳ ᠡᠩᠭᠡᠷ ᠢᠶᠡᠨ ᠲᠠᠰ ᠬᠤᠮᠢᠳᠠᠭ ᠪᠠᠶᠢᠵᠤ᠃ ᠬᠦᠮᠦᠨ ᠠᠮᠢᠲᠠᠨ ᠤ ᠬᠡᠯᠡ ᠠᠮᠠᠨ ᠠᠴᠠ ᠵᠠᠯᠬᠠᠭᠰᠠᠨ ᠠᠪᠤ ᠨᠢ ᠬᠡᠦᠬᠡᠨ ᠢᠶᠡᠨ ᠬᠣᠲᠠ ᠤᠷᠤᠭᠤ ᠶᠠᠪᠤᠭᠤᠯᠵᠤ᠃ ᠬᠡᠦᠬᠡᠨ ᠬᠣᠲᠠ ᠋ᠳᠤ ᠢᠷᠡᠭᠡᠳ ᠲᠡᠮᠦᠷ ᠵᠠᠮᠴᠢᠨ ᠪᠣᠯᠤᠨ᠎ᠠ ᠭᠡᠵᠦ ᠰᠤᠷᠠᠵᠤ ᠠᠩᠬᠠᠨ ᠤ ᠲᠡᠮᠦᠷ ᠵᠠᠮᠴᠢᠨ ᠪᠣᠯᠵᠤ ᠨᠠᠰᠤ ᠪᠠᠷ ᠢᠶᠠᠨ ᠲᠡᠮᠦᠷ ᠵᠠᠮ ᠳᠠᠭᠠᠨ ᠠᠮᠢᠳᠤᠷᠠᠵᠤ ᠨᠥᠬᠥᠷ ᠢᠶᠡᠨ ᠬᠦᠯᠢᠶᠡᠵᠡᠢ᠃ ᠢᠲᠡᠭᠡᠯ ᠰᠡᠳᠬᠢᠯ ᠭᠠᠯ ᠬᠠᠯᠠᠭᠤᠨ ᠬᠠᠶᠢᠷ᠎ᠠ᠂ ᠬᠡᠦᠬᠡᠨ ᠨᠠᠰᠤ᠂ ᠭᠣᠸ᠎ᠠ ᠰᠠᠶᠢᠬᠠᠨ᠂ ᠭᠤᠸᠠᠯᠢᠭ ᠪᠡᠶ᠎ᠡ ᠶᠢ ᠨᠢ ᠭᠠᠭᠴᠠᠬᠠᠨ ᠥᠪᠡᠷ ᠲᠦ ᠨᠢ ᠦᠯᠡᠳᠡᠭᠡᠭᠡᠳ 30 ᠵᠢᠯ ᠦᠨ ᠠᠮᠢᠳᠤᠷᠠᠯ ᠢ ᠨᠢ ᠬᠤᠯᠠᠭᠠᠶᠢᠯᠠᠭᠠᠳ ᠶᠠᠪᠤᠭᠰᠠᠨ ᠣᠷᠣᠰ ᠵᠠᠯᠠᠭᠤ ᠳᠤ ᠪᠠᠨ ᠭᠣᠮᠣᠳᠠᠬᠤ ᠦᠭᠡᠢ ᠭᠡᠨ᠎ᠡ᠃ 

ᠦᠭᠡᠢ ᠡ ᠡᠮᠡᠭᠡ ᠮᠢᠨᠢ ᠲᠡᠷᠡ ᠮᠠᠭᠤ ᠣᠷᠣᠰ ᠢ ᠬᠦᠯᠢᠶᠡᠵᠦ ᠪᠠᠶᠢᠭᠰᠠᠨ ᠳᠣᠣᠷ᠎ᠠ ᠬᠠᠯᠬ᠎ᠠ ᠶᠢᠨ ᠰᠠᠶᠢᠬᠠᠨ ᠶᠦᠩᠳᠦᠩ ᠭᠡᠭᠡ ᠲᠡᠢ ᠪᠡᠨ ᠰᠠᠭᠤᠭᠠᠳ ᠣᠯᠠᠨ ᠬᠡᠦᠬᠡᠳ ᠲᠡᠢ ᠪᠣᠯᠤᠭᠠᠳ ᠡᠨᠡ ᠡᠮᠡᠭᠡ ᠰᠢᠭ ᠢᠩᠭᠢᠭᠡᠳ ᠵᠢᠷᠭᠠᠵᠤ ᠠᠮᠢᠳᠤᠷᠠᠵᠤ ᠪᠣᠯᠬᠤ ᠪᠠᠶᠢᠭᠰᠠᠨ ᠰᠢᠦ ᠳ᠋ᠡ᠃ ᠲᠡᠶᠢᠮᠦ  ᠡ ᠲᠡᠭᠡᠬᠦ ᠳᠦ ᠪᠡᠨ ᠡᠮᠡᠭᠡ ᠨᠢ ᠬᠠᠶᠢᠷᠠᠲᠠᠢ ᠬᠦᠮᠦᠨ ᠢᠶᠡᠨ ᠬᠦᠷᠦᠭᠡᠳ ᠢᠷᠡᠴᠢᠬᠡ ᠶᠤᠮ ᠰᠢᠭ ᠢᠲᠡᠭᠡᠵᠦ ᠬᠦᠯᠢᠶᠡᠭᠰᠡᠨ ᠶᠤᠮ᠃ ᠣᠳᠣ ᠴᠤ ᠢᠲᠡᠭᠡᠯ ᠮᠢᠨᠢ ᠮᠥᠬᠥᠭᠡ ᠦᠭᠡᠢ ᠰᠢᠦ᠃ 


 



  
     
     