-
1527
ᠬᠠᠷᠢᠶᠠᠴᠠᠢ
2026-03-20 16:46
1
0
ᠬᠠᠷᠢᠶᠠᠴᠠᠢ
ᠨᠠ᠊ . ᠰᠠᠶᠢᠨᠴᠤᠭᠳᠤ
ᠬᠠᠶᠢᠴᠢᠨ ᠵᠢᠭᠦᠷᠳᠡᠢ ᠬᠠᠷᠢᠶᠠᠴᠠᠢ
ᠬᠠᠪᠤᠷ ᠤᠨ ᠴᠠᠭ ᠲᠤ ᠪᠠᠨ ᠶᠠᠭᠠᠷᠠᠯᠳᠠᠢ
ᠬᠠᠶᠢᠷᠠᠳᠠᠢ ᠨᠢᠯᠬ᠎ᠠ ᠦᠷᠡᠰ ᠲᠦ ᠨᠢ
ᠬᠠᠯᠠᠭᠤᠨ ᠡᠭᠦᠷ ᠬᠡᠷᠡᠭ ᠲᠠᠢ᠃
ᠤᠷᠠᠨ ᠬᠤᠰᠢᠭᠤ ᠲᠠᠢ ᠬᠠᠷᠢᠶᠠᠴᠠᠢ
ᠤᠰᠤᠨ ᠠᠴᠠ ᠰᠢᠪᠠᠷ ᠵᠦᠭᠡᠭᠡᠭᠡᠳ ᠪᠠᠶᠢᠨ᠎ᠠ
ᠤᠭᠠᠯᠵᠠ ᠬᠡ ᠲᠠᠢ ᠲᠤᠭᠤᠨᠤᠨ ᠲᠡᠭᠡᠷ᠎ᠡ
ᠡᠭᠦᠷ ᠢᠶᠡᠨ ᠪᠠᠷᠢᠬᠤ ᠪᠠᠷ ᠶᠠᠭᠠᠷᠠᠭᠠᠳ ᠪᠠᠶᠢᠨ᠎ᠠ᠃
ᠲᠠᠯᠠᠪᠴᠢ ᠪᠠᠨ ᠬᠤᠮᠢᠯ ᠦᠭᠡᠢ ᠠᠵᠢᠯᠯᠠᠳᠠᠭ
ᠲᠠᠪᠠᠭᠤ ᠴᠤ ᠬᠦᠩᠭᠡᠨ ᠬᠠᠷᠢᠶᠠᠴᠠᠢ ᠪᠠᠶᠢᠨ᠎ᠠ
ᠲᠠᠪᠬᠤᠷ ᠲᠠᠪᠬᠤᠷ ᠵᠡᠷᠭᠡᠯᠡᠭᠰᠡᠭᠡᠷ
ᠡᠭᠦᠷ ᠢᠶᠡᠨ ᠪᠠᠷᠢᠭᠠᠳ ᠲᠠᠭᠤᠰᠬᠠᠯ᠎ᠠ᠃
ᠦᠯᠡᠮᠵᠢ ᠰᠠᠶᠢᠬᠠᠨ ᠡᠭᠦᠷ ᠲᠦ ᠪᠡᠨ
ᠦᠨᠳᠡᠭᠡ ᠪᠡᠨ ᠠᠩᠭᠠᠬᠠᠢ ᠪᠤᠯᠭ᠎ᠠ ᠳ᠋ᠠ︕
ᠦᠳᠦ ᠰᠤᠳᠤ ᠨᠢ ᠪᠦᠷᠢᠯᠳᠦᠭᠡᠳ
ᠦᠨᠳᠦᠷ ᠠᠭᠠᠷ ᠲᠤ ᠨᠢᠰᠦᠭ ᠳ᠋ᠠ︕